ᠸᠠᠯᠢᠶᠤᠲ ᠤᠨ ᠰᠠᠩ ᠬᠣᠶᠠᠷ ᠱᠠᠭᠠᠷᠳᠠᠯᠭ᠎ᠠ ᠲᠠᠯᠪᠢᠪᠠ | News.MN

ᠸᠠᠯᠢᠶᠤᠲ ᠤᠨ ᠰᠠᠩ ᠬᠣᠶᠠᠷ ᠱᠠᠭᠠᠷᠳᠠᠯᠭ᠎ᠠ ᠲᠠᠯᠪᠢᠪᠠ

ᠣᠯᠠᠨ ᠤᠯᠤᠰ ᠤᠨ ᠸᠠᠯᠢᠶᠤᠲ ᠦᠨ ᠰᠠᠩ ᠤᠨ ᠠᠵᠢᠯ ᠤᠨ ᠬᠡᠰᠡᠭ ᠦᠨ ᠬᠢᠨ ᠮᠣᠩᠭᠣᠯ ᠤᠯᠤᠰ ᠲᠤ ᠠᠵᠢᠯᠯᠠᠪᠠ᠃ ᠡᠨᠡ ᠰᠠᠷ᠎ᠠ ᠶᠢᠨ 19-28 ᠍ ᠳᠦ ᠠᠵᠢᠯᠯᠠᠭᠰᠠᠨ ᠠᠵᠢᠯ ᠤᠨ ᠬᠡᠰᠡᠭ ᠦᠨ ᠬᠢᠨ ᠥᠨᠥᠳᠥᠷ  ᠠᠶᠢᠯᠴᠢᠯᠠᠯ ᠢᠶᠠᠨ ᠳ᠋ᠦᠩᠨᠡᠵᠦ᠂ ᠮᠡᠳᠡᠭᠡᠯᠡᠯ ᠬᠢᠯ᠎ᠡ᠃ ᠡᠨᠡ ᠦᠶ᠎ᠡ ᠪᠡᠷ ᠠᠵᠢᠯ ᠤᠨ ᠬᠡᠰᠡᠭ ᠦᠨ ᠠᠬᠠᠯᠠᠭᠴᠢ ᠵᠧᠹᠹ  ᠭᠤᠲᠲ᠋ᠢᠯᠢᠪ᠄ ᠮᠣᠩᠭᠣᠯ ᠤᠯᠤᠰ ᠤᠨ ᠡᠳ᠋ ᠦᠨ ᠵᠠᠰᠠᠭ ᠤᠨ ᠥᠰᠦᠯᠲᠡ ᠶᠢᠨ ᠲᠦᠪᠰᠢᠨ 2016 ᠣᠨ ᠠᠴᠠ ᠬᠣᠶᠢᠰᠢ ᠣᠭᠴᠣᠮ ᠰᠡᠷᠭᠦᠯ᠎ᠡ᠃ ᠡᠨᠡ ᠨᠢ ᠮᠣᠩᠭᠣᠯ ᠤᠯᠤᠰ ᠤᠨ ᠡᠷᠦᠳᠡᠰᠦ ᠪᠠᠶᠠᠯᠢᠭ ᠤᠨ ᠲᠦᠭᠦᠬᠡᠢ ᠡᠳ᠋ ᠍ ᠦᠨ ᠭᠠᠳᠠᠭᠠᠳᠤ ᠡᠷᠢᠯᠲᠡ ᠥᠨᠳᠥᠷ ᠪᠠᠶᠢᠭᠰᠠᠨ ᠪᠣᠯᠤᠨ ᠬᠠᠩᠰᠢ ᠥᠰᠦᠯᠲᠡ ᠲᠡᠢ ᠪᠠᠶᠢᠭᠰᠠᠨ ᠲᠠᠢ ᠬᠣᠯᠪᠣᠭ᠎ᠠ ᠲᠠᠢ᠃ ᠮᠥᠨ ᠤᠭ᠍ᠶᠤᠲᠤᠯᠤᠭᠠᠢ ᠶᠢᠨ ᠬᠥᠷᠥᠩᠭᠡ ᠣᠷᠣᠭᠤᠯᠤᠯᠲᠠ ᠦᠷᠭᠦᠯᠵᠢᠯᠡᠨ ᠣᠷᠣᠵᠤ ᠢᠷᠡᠭᠰᠡᠨ᠂ ᠮᠥᠩᠭᠥ  ᠵᠢᠭᠡᠯᠡ ᠶᠢᠨ ᠨᠥᠬᠥᠴᠡᠯ ᠪᠠᠶᠢᠳᠠᠯ ᠰᠠᠶᠢᠨ ᠪᠠᠶᠢᠭᠰᠠᠨ ᠲᠠᠢ ᠬᠣᠯᠪᠣᠭᠠᠲᠠᠢ ᠪᠠᠷ ᠳᠤᠲᠤᠭᠠᠳᠤ ᠶᠢᠨ ᠨᠡᠶᠢᠲᠡ ᠪᠦᠲᠦᠭᠡᠭᠳᠡᠬᠦᠨ ᠦᠰᠦᠯ᠎ᠡ᠃  ᠬᠣᠶᠠᠷ ᠵᠢᠯ ᠦᠨ ᠡᠮᠦᠨᠡᠬᠢ ᠲᠡᠢ ᠬᠠᠷᠢᠴᠠᠭᠤᠯᠪᠠᠯ᠂ ᠮᠣᠩᠭᠣᠯ ᠤᠯᠤᠰ ᠤᠨ ᠡᠳ᠋ ᠍ ᠦᠨ ᠵᠠᠰᠠᠭ ᠬᠠᠷᠢᠴᠠᠩᠭᠤᠢ ᠬᠦᠴᠦᠷᠬᠡᠭ ᠪᠣᠯᠤᠭᠰᠠᠨ᠃ ᠲᠠᠲᠠᠪᠤᠷᠢ ᠶᠢᠨ ᠣᠷᠣᠯᠭ᠎ᠠ ᠨᠡᠮᠡᠭᠳᠡᠵᠦ᠂ ᠲᠥᠰᠥᠪ ᠦᠨ ᠵᠠᠷᠤᠯᠭ᠎ᠠ ᠪᠠᠨ ᠬᠠᠷᠢᠴᠠᠩᠭᠤᠢ ᠬᠢᠵᠠᠭᠠᠷᠯᠠᠯ᠎ᠠ ᠃ ᠴᠢᠨᠠᠭᠰᠢᠳᠠ ᠡᠨᠡ ᠥᠰᠦᠯᠲᠡ ᠪᠡᠨ ᠠᠯᠳᠠᠬᠤ ᠦᠭᠡᠢ ᠲᠣᠭᠲᠠᠪᠤᠷᠢᠲᠠᠢ ᠪᠠᠶᠢᠬᠤ ᠬᠡᠷᠡᠭᠲᠡᠢ ᠭᠡᠯ᠎ᠡ᠃
ᠠᠵᠢᠯ ᠤᠨ ᠬᠡᠰᠡᠭ ᠦᠨ ᠬᠢᠨ ᠳᠠᠷᠠᠭᠠᠬᠢ ᠵᠥᠪᠯᠡᠮᠵᠢ ᠶᠢ ᠥᠭᠭᠦᠭᠰᠡᠨ ᠪᠠᠶᠢᠨ᠎ᠠ᠃ ᠨᠢᠭᠡᠳᠦᠭᠡᠷ ᠲᠦ᠂ ᠲᠥᠰᠥᠪ ᠦᠨ ᠵᠠᠷᠤᠳᠠᠯ ᠢᠶᠠᠨ ᠬᠢᠵᠠᠭᠠᠷᠯᠠᠭᠰᠠᠨ ᠬᠡᠪ ᠢᠶᠡᠷ ᠪᠠᠶᠢᠬᠤ᠃ ᠬᠣᠶᠠᠳᠤᠭᠠᠷ ᠲᠤ᠂ ᠵᠢᠭᠡᠯᠡ ᠶᠢᠨ ᠥᠰᠦᠯᠲᠡ ᠶᠢ ᠬᠢᠵᠠᠭᠠᠷᠯᠠᠬᠤ᠃ ᠵᠢᠭᠡᠯᠡ ᠶᠡᠬᠡ ᠪᠠᠶᠢᠬᠤ ᠨᠢ ᠡᠷᠭᠢᠭᠡᠳ ᠲᠥᠭᠥᠷᠢᠭ ᠦᠨ ᠬᠠᠩᠰᠢ ᠳᠤ ᠰᠥᠷᠭᠦ ᠨᠥᠯᠥᠭᠡ ᠦᠵᠡᠭᠦᠯᠵᠦ ᠪᠤᠢ ᠶᠢ ᠳᠤᠷᠠᠳᠪᠠ᠃ ᠭᠤᠷᠪᠠᠳᠤᠭᠠᠷ ᠲᠤ᠂ ᠪᠠᠩᠬᠢᠨ ᠤ ᠬᠢᠨᠠᠯᠲᠠ ᠶᠢ ᠰᠠᠶᠢᠵᠢᠷᠠᠭᠤᠯᠬᠤ ᠶᠢ ᠵᠥᠪᠯᠡᠵᠡᠢ᠃ ᠬᠠᠮᠤᠭ ᠤᠨ ᠰᠡᠭᠦᠯ  ᠪᠤᠶᠤ ᠭᠤᠷᠪᠠᠳᠤᠭᠠᠷ ᠵᠥᠪᠯᠡᠮᠵᠢ ᠶᠢᠨ ᠳᠠᠭᠠᠤ ᠬᠢᠵᠦ ᠪᠤᠢ ᠠᠵᠢᠯ ᠤᠳ ᠬᠦᠯᠢᠶᠡᠭᠳᠡᠵᠦ ᠪᠤᠢ ᠲᠤᠯᠠ ᠵᠢᠷᠭᠤᠳᠤᠭᠠᠷ ᠱᠠᠲᠤᠨ ᠤ ᠰᠠᠩᠬᠦᠦᠵᠢᠯᠲᠡ ᠣᠷᠣᠬᠤ ᠦᠭᠡᠢ ᠪᠠᠶᠢᠭ᠎ᠠ ᠶᠢ ᠠᠵᠢᠯ ᠤᠨ ᠬᠡᠰᠡᠭ ᠦᠨ ᠠᠬᠠᠯᠠᠭᠴᠢ ᠵᠧᠹᠹ  ᠭᠤᠲᠲ᠋ᠢᠯᠢᠪ ᠣᠨᠴᠠᠯᠠᠪᠠ᠃

ᠰᠡᠳᠬᠢᠭᠳᠡᠯ ᠦᠯᠡᠳᠡᠭᠡᠬᠦ