ᠮᠥᠩᠭᠥ ᠤᠬᠢᠶᠠᠬᠤ ᠬᠡᠷᠡᠭ ᠦᠨ ᠲᠠᠯ᠎ᠠ ᠪᠠᠷ ᠰᠤᠷᠭᠠᠯᠲᠠ ᠵᠣᠬᠢᠶᠠᠨ ᠪᠠᠶᠢᠭᠤᠯᠤᠯ᠎ᠠ  | News.MN

ᠮᠥᠩᠭᠥ ᠤᠬᠢᠶᠠᠬᠤ ᠬᠡᠷᠡᠭ ᠦᠨ ᠲᠠᠯ᠎ᠠ ᠪᠠᠷ ᠰᠤᠷᠭᠠᠯᠲᠠ ᠵᠣᠬᠢᠶᠠᠨ ᠪᠠᠶᠢᠭᠤᠯᠤᠯ᠎ᠠ

ᠤᠯᠤᠰ ᠤᠨ ᠶᠡᠷᠦᠩᠬᠡᠢ ᠫᠷᠣᠺᠦ᠋ᠷᠣᠷ ᠤᠨ ᠭᠠᠵᠠᠷ ᠤᠨ ᠰᠤᠷᠭᠠᠯᠲᠠ ᠶᠢᠨ ᠲᠥᠪ ᠡᠴᠡ ︽ᠮᠥᠩᠭᠥ ᠤᠬᠢᠶᠠᠬᠤ ᠭᠡᠮᠲᠦ ᠬᠡᠷᠡᠭ ᠢ ᠰᠢᠯᠭᠠᠬᠤ ᠳᠤ ᠠᠩᠬᠠᠷᠬᠤ ᠠᠰᠠᠭᠤᠳᠠᠯ ᠤᠳ︾ ᠰᠡᠳᠦᠪᠲᠦ ᠰᠤᠷᠭᠠᠯᠲᠠ ᠶᠢ 2019 ᠣᠨ ᠤ 6 ᠰᠠᠷ᠎ᠠ ᠶᠢᠨ 26 -28  ᠳᠤ ᠨᠡᠶᠢᠰᠯᠡᠯ ᠦᠨ ᠫᠷᠣᠺᠦ᠋ᠷᠣᠷ ᠤᠨ ᠭᠠᠵᠠᠷ ᠪᠣᠯᠤᠨ ᠴᠠᠭᠳᠠᠭ᠎ᠠ ᠶᠢᠨ ᠶᠡᠷᠦᠩᠬᠡᠢ ᠭᠠᠵᠠᠷ ᠤᠨ ᠮᠥᠷᠳᠡᠨ ᠪᠠᠶᠢᠴᠠᠭᠠᠬᠤ ᠠᠯᠪᠠᠨ ᠳᠤ ᠲᠤᠰ ᠲᠤᠰ ᠵᠣᠬᠢᠶᠠᠨ ᠪᠠᠶᠢᠭᠤᠯᠵᠤ᠂ ᠠᠬᠠᠯᠠᠬᠤ ᠫᠷᠣᠺᠦ᠋ᠷᠣᠷ ᠬᠠᠤᠯᠢ ᠵᠦᠢ ᠶᠢᠨ ᠤᠬᠠᠭᠠᠨ ᠤ ᠳ᠋ᠣᠺᠲ᠋ᠣᠷ ᠪ∙ᠥᠨᠢᠷᠮ᠎ᠠ ᠰᠤᠷᠭᠠᠯᠲᠠ ᠶᠢ ᠤᠳᠤᠷᠢᠳᠴᠤ ᠶᠠᠪᠤᠭᠤᠯᠤᠯ᠎ᠠ᠃ ᠤᠭ ᠰᠤᠷᠭᠠᠯᠲᠠ ᠳᠤ ᠨᠡᠶᠢᠰᠯᠡᠯ ᠦᠨ ᠫᠷᠣᠺᠦ᠋ᠷᠣᠷ ᠤᠨ ᠭᠠᠵᠠᠷ ᠤᠨ 25 ᠫᠷᠣᠺᠦ᠋ᠷᠣᠷ᠂ ᠮᠥᠷᠳᠡᠨ ᠪᠠᠶᠢᠴᠠᠭᠠᠬᠤ ᠠᠯᠪᠠᠨ ᠤ ᠳ᠋ᠦᠩ ᠰᠢᠨᠵᠢᠯᠡᠭᠡ᠂ ᠬᠢᠨᠠᠯᠲᠠ ᠰᠢᠯᠭᠠᠯᠲᠠ ᠶᠢᠨ ᠬᠡᠯᠲᠡᠰ᠂ ᠵᠠᠬᠢᠷᠭ᠎ᠠ ᠤᠳᠤᠷᠢᠳᠤᠯᠭ᠎ᠠ ᠶᠢᠨ ᠬᠡᠯᠲᠡᠰ᠂ ᠬᠦᠨᠳᠦ ᠭᠡᠮᠲᠦ ᠬᠡᠷᠡᠭ ᠮᠥᠷᠳᠡᠨ ᠰᠢᠯᠭᠠᠬᠤ ᠬᠡᠯᠲᠡᠰ᠂ ᠬᠤᠯᠠᠭᠠᠶᠢᠯᠠᠬᠤ ᠭᠡᠮᠲᠦ ᠬᠡᠷᠡᠭ ᠮᠥᠷᠳᠡᠨ ᠰᠢᠯᠭᠠᠬᠤ ᠬᠡᠯᠲᠡᠰ᠂ ᠵᠠᠯᠢᠯᠠᠬᠤ ᠭᠡᠮᠲᠦ ᠬᠡᠷᠡᠭ ᠮᠥᠷᠳᠡᠨ ᠰᠢᠯᠭᠠᠬᠤ ᠬᠡᠯᠲᠡᠰ᠂ ᠲᠤᠰᠬᠠᠢ ᠰᠤᠪᠶ᠋ᠸᠺᠲ ᠤᠨ ᠦᠢᠯᠡᠳᠦᠭᠰᠡᠨ ᠭᠡᠮᠲᠦ ᠬᠡᠷᠡᠭ ᠮᠥᠷᠳᠡᠨ ᠰᠢᠯᠭᠠᠬᠤ ᠬᠡᠯᠲᠡᠰ᠂ ᠬᠦᠷᠢᠶᠡᠯᠡᠩ ᠪᠤᠢ ᠣᠷᠴᠢᠨ ᠤ ᠡᠰᠡᠷᠭᠦ ᠭᠡᠮᠲᠦ ᠬᠡᠷᠡᠭ ᠮᠥᠷᠳᠡᠨ ᠰᠢᠯᠭᠠᠬᠤ ᠬᠡᠯᠲᠡᠰ ᠦᠨ ᠨᠡᠶᠢᠲᠡ 125 ᠠᠯᠪᠠᠨ ᠬᠠᠭᠠᠭᠴᠢ ᠣᠷᠣᠯᠴᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ