ᠠᠯᠲᠠ ᠬᠤᠳᠠᠯᠳᠤᠨ ᠠᠪᠤᠯᠲᠠ 12 ᠬᠤᠪᠢ ᠪᠠᠷ ᠪᠠᠭᠤᠷᠠᠪᠠ | News.MN

ᠠᠯᠲᠠ ᠬᠤᠳᠠᠯᠳᠤᠨ ᠠᠪᠤᠯᠲᠠ 12 ᠬᠤᠪᠢ ᠪᠠᠷ ᠪᠠᠭᠤᠷᠠᠪᠠ

ᠮᠣᠩᠭᠣᠯ ᠪᠠᠩᠬᠢ ᠡᠨᠡ ᠣᠨ ᠤ ᠡᠬᠢᠨ ᠡᠴᠡ ᠵᠢᠷᠭᠤᠳᠤᠭᠠᠷ ᠰᠠᠷ᠎ᠠ ᠶᠢᠨ 26  ᠢ ᠬᠦᠷᠲᠡᠯ᠎ᠡ ᠬᠤᠭᠤᠴᠠᠭᠠᠨ ᠳᠤ 6 ᠲᠣᠨ ᠦᠨᠡᠲᠦ ᠮᠧᠲ᠋ᠠᠯ ᠬᠤᠳᠠᠯᠳᠤᠨ ᠠᠪᠤᠭᠰᠠᠨ ᠨᠢ ᠡᠮᠦᠨᠡᠬᠢ ᠣᠨ ᠤ ᠮᠥᠨ ᠦᠶ᠎ᠡ ᠳᠦ 6.8 ᠲᠣᠨ ᠦᠨᠡᠲᠦ ᠮᠧᠲ᠋ᠠᠯ ᠬᠤᠳᠠᠯᠳᠤᠨ ᠠᠪᠤᠭᠰᠠᠨ ᠠᠴᠠ 846 ᠺᠢᠯᠦᠭᠷᠡᠮ ᠢᠶᠡᠷ ᠪᠠᠭ᠎ᠠ ᠪᠤᠶᠤ 12 ᠬᠤᠪᠢ ᠪᠠᠷ ᠪᠠᠭᠤᠷᠠᠭᠰᠠᠨ ᠦᠵᠡᠭᠦᠯᠦᠯᠲᠡ ᠲᠡᠢ ᠪᠠᠶᠢᠨ᠎ᠠ᠃
ᠮᠣᠩᠭᠣᠯ ᠪᠠᠩᠬᠢ 2019 ᠣᠨ ᠤ ᠵᠢᠷᠭᠤᠳᠤᠭᠠᠷ ᠰᠠᠷ᠎ᠠ ᠶᠢᠨ 1 ᠦ ᠡᠳᠦᠷ ᠡᠴᠡ ᠲᠤᠰ ᠰᠠᠷ᠎ᠠ ᠶᠢᠨ 26 ᠍ ᠤ ᠡᠳᠦᠷ ᠢ ᠬᠦᠷᠲᠡᠯ᠎ᠡ ᠬᠤᠭᠤᠴᠠᠭᠠᠨ ᠳᠤ 1.8 ᠲᠣᠨ ᠦᠨᠡᠲᠦ ᠮᠧᠲ᠋ᠠᠯ ᠬᠤᠳᠠᠯᠳᠤᠨ ᠠᠪᠤᠭᠰᠠᠨ ᠪᠠ ᠡᠭᠦᠨ ᠡᠴᠡ ᠳᠠᠷᠬᠠᠨ-ᠠᠭᠤᠯᠠ ᠠᠶᠢᠮᠠᠭ ᠳᠠᠬᠢ ᠮᠣᠩᠭᠣᠯ ᠪᠠᠩᠭᠢᠨ ᠤ ᠬᠡᠯᠲᠡᠰ 168 ᠺᠢᠯᠦᠭᠷᠡᠮ ᠦᠨᠡᠲᠦ ᠮᠧᠲ᠋ᠠᠯ᠂ ᠪᠠᠶᠠᠨᠬᠣᠩᠭᠣᠷ ᠠᠶᠢᠮᠠᠭ ᠳᠠᠬᠢ ᠮᠣᠩᠭᠣᠯ ᠪᠠᠩᠭᠢᠨ ᠤ ᠰᠠᠯᠪᠤᠷᠢ 84 ᠺᠢᠯᠦᠭᠷᠡᠮ ᠦᠨᠡᠲᠦ ᠮᠧᠲ᠋ᠠᠯ ᠬᠤᠳᠠᠯᠳᠤᠵᠤ ᠠᠪᠤᠭᠰᠠᠨ ᠨᠢ ᠡᠮᠦᠨᠡᠬᠢ ᠣᠨ ᠤ ᠮᠥᠨ ᠦᠶ᠎ᠡ ᠳᠦ 1.9 ᠲᠣᠨ ᠦᠨᠡᠲᠦ ᠮᠧᠲ᠋ᠠᠯ ᠬᠤᠳᠠᠯᠳᠤᠨ ᠠᠪᠴᠤ ᠪᠠᠶᠢᠭᠰᠠᠨ ᠠᠴᠠ 95 ᠺᠢᠯᠦᠭᠷᠡᠮ ᠢᠶᠡᠷ ᠪᠠᠭᠤᠷᠠᠭᠰᠠᠨ ᠦᠵᠡᠭᠦᠯᠦᠯᠲᠡ ᠲᠡᠢ ᠪᠠᠶᠢᠨ᠎ᠠ᠃ 1 ᠭᠷᠠᠮ ᠠᠯᠲᠠ ᠬᠤᠳᠠᠯᠳᠤᠨ ᠠᠪᠬᠤ ᠮᠣᠩᠭᠣᠯ ᠪᠠᠩᠭᠢᠨ ᠤ ᠳᠤᠮᠳᠠᠴᠢ ᠦᠨ᠎ᠡ ᠵᠢᠷᠭᠤᠳᠤᠭᠠᠷ ᠰᠠᠷ᠎ᠠ ᠶᠢᠨ 28 ᠍ ᠤ ᠪᠠᠶᠢᠳᠠᠯ ᠢᠶᠠᠷ 119 ᠮᠢᠩᠭ᠎ᠠ 658.22 ᠲᠥᠭᠥᠷᠢᠭ ᠪᠠᠶᠢᠯ᠎ᠠ᠃

ᠰᠡᠳᠬᠢᠭᠳᠡᠯ ᠦᠯᠡᠳᠡᠭᠡᠬᠦ