ᠴᠠᠭᠠᠨ ᠴᠢᠯᠠᠭᠤᠲᠤ ᠶᠢᠨ ᠣᠪᠣᠭ᠎ᠠ ᠶᠢ ᠲᠠᠬᠢᠨ᠎ᠠ  | News.MN

ᠴᠠᠭᠠᠨ ᠴᠢᠯᠠᠭᠤᠲᠤ ᠶᠢᠨ ᠣᠪᠣᠭ᠎ᠠ ᠶᠢ ᠲᠠᠬᠢᠨ᠎ᠠ 

ᠬᠥᠪᠰᠥᠭᠥᠯ ᠠᠶᠢᠮᠠᠭ ᠤᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠲᠡᠷᠢᠭᠦᠯᠡᠭᠴᠢᠳ ᠦᠨ 2014 ᠣᠨ ᠤ ᠬᠤᠷᠠᠯᠳᠤᠭᠠᠨ ᠢᠶᠠᠷ ᠠᠷᠤᠪᠤᠯᠠᠭ ᠰᠤᠮᠤ ᠶᠢᠨ ᠨᠤᠲᠤᠭ ᠲᠠᠬᠢ ᠴᠠᠭᠠᠨ ᠴᠢᠯᠠᠭᠤᠲᠤ ᠶᠢᠨ ᠣᠪᠣᠭ᠎ᠠ ᠶᠢ ᠠᠶᠢᠮᠠᠭ ᠤᠨ ᠲᠠᠬᠢᠯᠭ᠎ᠠ ᠲᠠᠢ ᠣᠪᠣᠭ᠎ᠠ ᠪᠣᠯᠭᠠᠬᠤ ᠲᠣᠭᠲᠠᠭᠠᠯ ᠭᠠᠷᠤᠭᠰᠠᠨ ᠪᠥᠭᠡᠳ ᠵᠤᠨ ᠤ ᠳᠤᠮᠳᠠ ᠰᠠᠷ᠎ᠠ ᠶᠢᠨ 27 ᠪᠤᠶᠤ ᠡᠨᠡ ᠰᠠᠷ᠎ᠠ ᠶᠢᠨ 29 ᠳᠤ ᠲᠠᠬᠢᠨ᠎ᠠ᠃ ᠲᠤᠰ ᠣᠪᠣᠭᠠᠨ ᠳᠤ ᠵᠢᠯ ᠪᠦᠷᠢ ᠬᠦᠨᠳᠦᠳᠬᠡᠯ ᠦᠵᠡᠭᠦᠯᠵᠦ᠂ 4 ᠵᠢᠯ ᠳᠦ ᠨᠢᠭᠡ ᠤᠳᠠᠭ᠎ᠠ ᠲᠠᠬᠢᠵᠤ ᠪᠠᠶᠢᠬᠤ ᠪᠠᠷ ᠲᠣᠭᠲᠠᠭᠠᠯ ᠳᠤ ᠲᠤᠰᠬᠠᠭᠰᠠᠨ ᠪᠠᠶᠢᠨ᠎ᠠ᠃
ᠲᠠᠬᠢᠯᠭ᠎ᠠ ᠶᠢᠨ ᠦᠶ᠎ᠡ ᠪᠡᠷ ᠪᠠᠭ᠎ᠠ 3 ᠨᠠᠰᠤᠨ ᠤ ᠮᠣᠷᠢ ᠤᠷᠤᠯᠳᠤᠵᠤ᠂ ᠬᠦᠴᠦᠲᠦ ᠪᠥᠬᠡ ᠶᠢᠨ ᠪᠠᠷᠢᠯᠳᠤᠭᠠᠨ᠂ ᠬᠡᠦᠬᠡᠳ ᠦᠨ ᠪᠠᠷᠢᠯᠳᠤᠭᠠᠨ ᠪᠣᠯᠵᠤ ᠬᠡᠦᠬᠡᠳ ᠦᠨ ᠣᠪᠣᠭ᠎ᠠ᠂ ᠴᠠᠭᠠᠨ ᠴᠢᠯᠠᠭᠤᠲᠤ ᠶᠢᠨ ᠣᠪᠣᠭ᠎ᠠ ᠶᠢ ᠲᠠᠬᠢᠵᠤ ᠬᠦᠨᠳᠦᠳᠬᠡᠯ ᠦᠵᠡᠭᠦᠯᠦᠨ᠎ᠡ᠃ ᠬᠣᠲᠣᠭᠣᠶᠢᠳ ᠤᠨ ᠰᠢᠳᠠᠷ ᠸᠠᠩ ᠴᠢᠩᠭᠦᠨᠵᠠᠪ 1757 ᠣᠨ ᠳᠤ ᠮᠠᠨᠵᠤ ᠨᠠᠷ ᠲᠤ ᠪᠠᠷᠢᠭᠳᠠᠵᠤ᠂ ᠪᠡᠭᠡᠵᠢᠩ ᠳᠦ ᠠᠪᠠᠴᠢᠵᠤ ᠴᠠᠭᠠᠵᠠᠯᠠᠬᠤ ᠳᠤ᠂ ᠨᠤᠲᠤᠭ ᠤᠨ ᠢᠷᠭᠡᠨ ᠨᠢᠭᠤᠴᠠ ᠪᠠᠷ ᠲᠡᠭᠦᠨ ᠦ ᠡᠷᠡᠬᠡᠢ ᠬᠤᠷᠤᠭᠤ ᠶᠢ ᠲᠠᠰᠤ ᠴᠠᠪᠴᠢᠨ ᠡᠬᠡ ᠨᠤᠲᠤᠭ ᠲᠤ ᠨᠢ ᠠᠪᠴᠢᠷᠠᠵᠤ᠂ ᠬᠠᠳᠠᠭ ᠲᠤ ᠪᠣᠭᠣᠨ᠂ ᠮᠥᠩᠭᠥᠨ ᠬᠠᠶᠢᠷᠴᠠᠭ ᠲᠤ ᠬᠢᠵᠦ᠂ ᠪᠤᠤ ᠰᠡᠯᠡᠮ᠎ᠡ ᠶᠢᠨ ᠬᠠᠮᠲᠤ ᠣᠪᠣᠭᠠᠨ ᠤ ᠭᠠᠵᠠᠷ ᠤᠬᠤᠨ ᠪᠤᠯᠠᠵᠤ ᠣᠷᠣᠰᠢᠭᠤᠯᠤᠨ ᠳᠡᠭᠡᠷ᠎ᠡ ᠨᠢ ᠴᠠᠭᠠᠨ ᠴᠢᠯᠠᠭᠤᠲᠤ ᠶᠢᠨ ᠣᠪᠣᠭ᠎ᠠ ᠶᠢ 1760 ᠣᠨ ᠤ ᠦᠶ᠎ᠡ ᠳᠦ ᠪᠣᠰᠬᠠᠭᠰᠠᠨ ᠭᠡᠳᠡᠭ ᠳᠣᠮᠣᠭ ᠶᠠᠷᠢᠶ᠎ᠠ ᠪᠠᠶᠢᠳᠠᠭ ᠠᠵᠡᠢ᠃

ᠰᠡᠳᠬᠢᠭᠳᠡᠯ ᠦᠯᠡᠳᠡᠭᠡᠬᠦ