ᠬᠣᠲᠣᠭᠣᠶᠢᠳ ᠤᠨ ᠤᠷᠠᠯᠢᠭ ᠰᠣᠶᠣᠯ ᠤᠨ ᠨᠠᠭᠠᠳᠤᠮ ᠪᠤᠯᠤᠯ᠎ᠠ  | News.MN

ᠬᠣᠲᠣᠭᠣᠶᠢᠳ ᠤᠨ ᠤᠷᠠᠯᠢᠭ ᠰᠣᠶᠣᠯ ᠤᠨ ᠨᠠᠭᠠᠳᠤᠮ ᠪᠤᠯᠤᠯ᠎ᠠ 

ᠬᠥᠪᠰᠥᠭᠥᠯ ᠠᠶᠢᠮᠠᠭ᠂ ᠠᠮᠧᠷᠢᠺᠠ ᠶᠢᠨ ᠨᠢᠭᠡᠳᠦᠭᠰᠡᠨ ᠤᠯᠤᠰ ᠤᠨ ᠮᠣᠨᠲ᠋ᠠᠨ᠎ᠠ ᠮᠤᠵᠢ ᠶᠢᠨ ︽ᠡᠭᠡᠴᠢ ᠳᠡᠭᠦᠦ ᠣᠷᠣᠨ ᠨᠤᠭᠤᠳ︾ ᠲᠥᠰᠥᠯ᠂ ᠪᠦᠷᠢᠨᠲᠤᠭᠳᠠᠬᠤ ᠰᠤᠮᠤ ᠶᠢᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠬᠥᠪᠰᠥᠭᠥᠯ ᠠᠶᠢᠮᠠᠭ ᠤᠨ ᠵᠠᠰᠠᠭ ᠳᠠᠷᠤᠭ᠎ᠠ᠂ ᠢᠷᠭᠡᠳ ᠦᠨ ᠲᠥᠯᠥᠭᠡᠯᠡᠭᠴᠢᠳ ᠦᠨ ᠬᠤᠷᠠᠯ ᠬᠠᠮᠲᠤᠷᠠᠨ  ᠬᠣᠲᠣᠭᠣᠶᠢᠳ ᠤᠨ ᠤᠷᠠᠯᠢᠭ ᠰᠤᠶᠤᠯ ᠤᠨ ᠨᠠᠭᠠᠳᠤᠮ ᠢ ᠪᠦᠷᠢᠨᠲᠤᠭᠳᠠᠬᠤ ᠰᠤᠮᠤᠨ ᠳᠤ ᠵᠣᠬᠢᠶᠠᠨ ᠪᠠᠶᠢᠭᠤᠯᠤᠯ᠎ᠠ᠃
ᠡᠨᠡᠬᠦ ᠨᠠᠭᠠᠳᠤᠮ ᠳᠤ ᠴᠡᠴᠡᠷᠯᠢᠭ᠂ ᠴᠠᠭᠠᠨ-ᠠᠭᠤᠯᠠ᠂ ᠪᠦᠷᠢᠨᠲᠤᠭᠳᠠᠬᠤ ᠂ ᠠᠷᠤᠪᠤᠯᠠᠭ᠂ ᠠᠯᠠᠭ-ᠡᠷᠳᠡᠨᠢ᠂ ᠲᠦᠨᠡᠯ᠂ ᠲᠣᠰᠣᠨᠴᠡᠩᠭᠡᠯ᠂ ᠶᠡᠬᠡ-ᠠᠭᠤᠯᠠ᠂ ᠲᠡᠮᠦᠷᠪᠤᠯᠠᠭ᠂ ᠮᠥᠷᠡᠨ ᠰᠤᠮᠤ ᠶᠢᠨ 160 ᠭᠠᠷᠤᠢ ᠠᠷᠠᠳ ᠤᠨ ᠠᠪᠢᠶᠠᠰᠲᠠᠨ ᠠᠪᠢᠶᠠᠰ ᠴᠢᠳᠠᠪᠤᠷᠢ ᠪᠠᠨ ᠰᠣᠷᠢᠨ ᠥᠷᠢᠰᠦᠯᠳᠦᠵᠦ ᠪᠠᠭ ᠤᠨ ᠳ᠋ᠦᠩ ᠢᠶᠡᠷ ᠲᠡᠷᠢᠭᠦᠨ ᠪᠠᠶᠢᠷᠢ ᠳᠤ ᠴᠠᠭᠠᠨ-ᠠᠭᠤᠯᠠ ᠰᠤᠮᠤ᠂ ᠳᠡᠳ᠋ ᠪᠠᠶᠢᠷᠢ ᠳᠤ ᠪᠦᠷᠢᠨᠲᠤᠭᠳᠠᠬᠤ ᠰᠤᠮᠤ᠂ 3 ᠳ᠋ᠤᠭᠠᠷ ᠪᠠᠶᠢᠷᠢ ᠳᠤ ᠴᠡᠴᠡᠷᠯᠢᠭ ᠰᠤᠮᠤ ᠶᠢᠨ ᠠᠪᠢᠶᠠᠰᠲᠠᠨ ᠰᠢᠯᠭᠠᠷᠠᠵᠠᠢ᠃
ᠲᠤᠰ ᠨᠠᠭᠠᠳᠤᠮ ᠳᠤ ᠤᠷᠢᠯᠭ᠎ᠠ ᠪᠠᠷ ᠠᠺᠠᠳ᠋ᠸᠮᠢᠴᠢ ᠰ∙ᠴᠢᠯᠠᠭᠤᠨ᠂ ᠰᠢᠨᠵᠢᠯᠡᠬᠦ ᠤᠬᠠᠭᠠᠨ ᠤ ᠠᠺᠠᠳᠧᠮᠢ ᠶᠢᠨ ᠹᠢᠯᠣᠰᠣᠹᠢ ᠶᠢᠨ ᠲᠠᠩᠬᠢᠮ ᠦᠨ ᠵᠠᠬᠢᠷᠤᠯ ᠨ᠂ ᠫᠦᠷᠪᠦᠰᠦ᠋ᠷᠦᠩ᠂ ᠤᠷᠠᠯᠢᠭ ᠤᠨ ᠭᠠᠪᠢᠶᠠᠲᠤ ᠵᠢᠳᠬᠦᠯᠲᠡᠨ ᠴ∙ ᠳᠠᠭᠪᠠᠳᠣᠷᠵᠢ ᠨᠠᠷ ᠤᠷᠤᠯᠴᠠᠯ᠎ᠠ᠃ ᠨᠠᠭᠠᠳᠤᠮ ᠢ ᠵᠠᠭᠵᠤᠤ ᠶᠢᠨ ᠰᠢᠷᠤᠢ ᠶᠢᠨ ᠬᠡᠷᠡᠮ ᠳᠡᠭᠡᠷ᠎ᠡ ᠵᠣᠬᠢᠶᠠᠨ ᠪᠠᠶᠢᠭᠤᠯᠵᠤ᠂ 99 ᠮᠣᠷᠢᠲᠤ ᠴᠡᠷᠢᠭ ᠰᠦᠷᠲᠦ ᠵᠢᠭᠰᠠᠭᠠᠯ ᠢᠶᠠᠷ ᠡᠬᠢᠯᠡᠭᠰᠡᠨ ᠨᠢ ᠢᠷᠭᠡᠳ ᠦᠨ ᠲᠠᠯᠠᠷᠬᠠᠯ ᠢ ᠬᠦᠯᠢᠶᠡᠭᠰᠡᠨ ᠦᠢᠯᠡ ᠠᠵᠢᠯᠯᠠᠭ᠎ᠠ ᠪᠣᠯᠵᠠᠢ᠃

ᠰᠡᠳᠬᠢᠭᠳᠡᠯ ᠦᠯᠡᠳᠡᠭᠡᠬᠦ