ᠪᠠᠶᠠᠨ-ᠥᠯᠥᠭᠡᠢ ᠳᠦ ᠴᠠᠰᠤ ᠣᠷᠣᠵᠠᠢ  | News.MN

ᠪᠠᠶᠠᠨ-ᠥᠯᠥᠭᠡᠢ ᠳᠦ ᠴᠠᠰᠤ ᠣᠷᠣᠵᠠᠢ 

ᠪᠠᠶᠠᠨ-ᠥᠯᠥᠭᠡᠢ ᠠᠶᠢᠮᠠᠭ ᠤᠨ ᠶᠡᠬᠡᠩᠬᠢ ᠨᠤᠲᠤᠭ ᠢᠶᠠᠷ ᠵᠢᠷᠭᠤᠳᠤᠭᠠᠷ ᠰᠠᠷ᠎ᠠ ᠶᠢᠨ 25-26 ᠍ ᠤ ᠰᠢᠯᠵᠢᠬᠦ ᠰᠥᠨᠢ 2-23 ᠮᠢᠯᠯᠢᠮᠧᠲ᠋ᠷ ᠬᠤᠷ᠎ᠠ ᠲᠤᠨᠤᠳᠠᠰᠤ ᠪᠠᠭᠤᠵᠤ᠂ ᠠᠭᠤᠯᠠᠷᠬᠠᠭ ᠨᠤᠲᠤᠭ ᠢᠶᠠᠷ ᠴᠠᠰᠤ ᠣᠷᠣᠵᠠᠢ᠃ ᠲᠣᠳᠣᠷᠠᠭᠤᠯᠪᠠᠯ᠂ ᠰᠠᠭᠰᠠᠢ ᠰᠤᠮᠤ ᠶᠢᠨ ᠳᠠᠶᠠᠩ ᠪᠠᠭ᠂ ᠤᠯᠠᠭᠠᠨᠬᠤᠰᠤ᠂ ᠴᠡᠩᠭᠡᠯ ᠰᠤᠮᠤᠨ ᠳᠤ ᠠᠭᠤᠯᠠᠨ ᠳᠤ ᠴᠠᠰᠤᠨ ᠪᠦᠷᠬᠦᠭᠦᠯ ᠲᠣᠭᠲᠠᠭᠰᠠᠨ ᠪᠠᠶᠢᠨ᠎ᠠ᠃ ᠲᠤᠰ ᠠᠶᠢᠮᠠᠭ ᠤᠨ ᠤᠰᠤ᠂ ᠴᠠᠭ ᠠᠭᠤᠷ᠂ ᠣᠷᠴᠢᠨ ᠤ ᠰᠢᠨᠵᠢᠯᠡᠭᠡᠨ ᠦ ᠲᠥᠪ ᠡᠴᠡ ᠥᠴᠦᠭᠡᠳᠦᠷ ᠪᠣᠯᠤᠨ ᠥᠨᠥᠳᠥᠷ ᠴᠠᠭ ᠠᠭᠠᠷ ᠲᠣᠭᠲᠠᠭᠤᠨ ᠪᠠᠶᠢᠭ᠎ᠠ ᠶᠢ ᠮᠡᠳᠡᠭᠡᠯᠡᠵᠡᠢ᠃
ᠣᠶᠢᠷ᠎ᠠ ᠶᠢᠨ ᠡᠳᠦᠷ ᠦᠳ ᠲᠦ ᠤᠯᠠᠭᠠᠨᠪᠠᠭᠠᠲᠤᠷ ᠬᠣᠲᠠ ᠪᠣᠯᠤᠨ ᠣᠷᠣᠨ ᠨᠤᠲᠤᠭ ᠲᠤ ᠦᠷᠭᠦᠯᠵᠢᠯᠡᠭᠰᠡᠨ ᠪᠣᠷᠣᠭ᠎ᠠ ᠤᠷᠤᠬᠤ ᠲᠤᠯᠠ ᠠᠶᠠᠯᠠᠯ ᠵᠤᠭᠠᠯᠠᠯᠭ᠎ᠠ ᠪᠠᠷ ᠶᠠᠪᠤᠬᠤ ᠢᠷᠭᠡᠳ ᠰᠣᠨᠣᠷ ᠰᠡᠷᠡᠮᠵᠢᠲᠡᠢ ᠪᠠᠶᠢᠬᠤ ᠶᠢ ᠠᠩᠬᠠᠷᠤᠭᠤᠯᠵᠤ ᠪᠠᠶᠢᠨ᠎ᠠ᠃ ᠮᠥᠨ ᠭᠣᠣᠯ ᠮᠥᠷᠡᠨ ᠦ ᠤᠰᠤᠨ ᠤ ᠲᠦᠪᠰᠢᠨ ᠨᠡᠮᠡᠭᠳᠡᠵᠦ ᠪᠠᠶᠢᠭ᠎ᠠ ᠡᠨᠡ ᠦᠶ᠎ᠡ ᠳᠦ ᠪᠠᠶᠢᠩᠭᠤ ᠶᠢᠨ ᠰᠡᠷᠡᠮᠵᠢᠲᠡᠢ ᠪᠠᠶᠢᠬᠤ ᠶᠢ ᠠᠯᠪᠠᠨ ᠤ ᠬᠢᠨ ᠰᠠᠨᠠᠭᠤᠯᠤᠯ᠎ᠠ᠃

 

ᠰᠡᠳᠬᠢᠭᠳᠡᠯ ᠦᠯᠡᠳᠡᠭᠡᠬᠦ