ᠡᠷᠳᠡᠨᠢᠮᠠᠨᠳᠠᠯ ᠰᠤᠮᠤ ᠶᠢᠨ ᠴᠡᠴᠡᠷᠯᠢᠭ ᠪᠠᠷᠢᠭᠳᠠᠵᠤ ᠳᠠᠭᠤᠰᠤᠯ᠎ᠠ  | News.MN

ᠡᠷᠳᠡᠨᠢᠮᠠᠨᠳᠠᠯ ᠰᠤᠮᠤ ᠶᠢᠨ ᠴᠡᠴᠡᠷᠯᠢᠭ ᠪᠠᠷᠢᠭᠳᠠᠵᠤ ᠳᠠᠭᠤᠰᠤᠯ᠎ᠠ 

ᠠᠷᠤᠬᠠᠩᠭᠠᠢ ᠠᠶᠢᠮᠠᠭ ᠤᠨ ᠡᠷᠳᠡᠨᠢᠮᠠᠨᠳᠠᠯ ᠰᠤᠮᠤᠨ ᠳᠤ 2018 ᠣᠨ ᠤ 6 ᠳ᠋ᠤᠭᠠᠷ ᠰᠠᠷ᠎ᠠ ᠠᠴᠠ ᠡᠬᠢᠯᠡᠨ ᠤᠯᠤᠰ ᠤᠨ ᠲᠥᠰᠥᠪ ᠦᠨ 1.4 ᠲᠡᠷᠪᠤᠮ ᠲᠥᠭᠥᠷᠢᠭ ᠦᠨ ᠬᠥᠷᠥᠩᠭᠡ ᠣᠷᠣᠭᠤᠯᠤᠯᠲᠠ ᠪᠠᠷ ᠪᠠᠷᠢᠵᠤ ᠪᠤᠢ 150 ᠣᠷᠣ ᠲᠠᠢ ᠬᠡᠦᠬᠡᠳ ᠦᠨ ᠴᠡᠴᠡᠷᠯᠢᠭ ᠦᠨ ᠪᠠᠷᠢᠯᠭ᠎ᠠ ᠶᠢᠨ ᠠᠵᠢᠯ ᠥᠨᠥᠳᠥᠷ ᠦᠨ ᠪᠠᠶᠢᠳᠠᠯ ᠢᠶᠠᠷ 97 ᠬᠤᠪᠢ ᠲᠠᠢ ᠪᠠᠶᠢᠨ᠎ᠠ᠃ ᠲᠤᠰ ᠪᠠᠷᠢᠯᠭ᠎ᠠ ᠶᠢ ᠠᠶᠢᠮᠠᠭ ᠤᠨ ︽ᠭᠤᠷᠪᠠᠨ ᠲᠠᠮᠢᠷ︾ ᠺᠤᠮᠫᠠᠨᠢ ᠪᠠᠷᠢᠵᠤ ᠪᠠᠶᠢᠭ᠎ᠠ ᠪᠠ ᠤᠳᠠᠬᠤ ᠦᠭᠡᠢ ᠤᠯᠤᠰ ᠤᠨ ᠺᠣᠮᠢᠰ ᠲᠤ ᠬᠦᠯᠢᠶᠡᠯᠭᠡᠵᠦ ᠥᠭᠬᠦ ᠠᠵᠡᠢ᠃

ᠴᠡᠴᠡᠷᠯᠢᠭ ᠦᠨ ᠪᠠᠭᠰᠢ᠂ ᠠᠵᠢᠯᠴᠢᠳ ᠰᠢᠨ᠎ᠡ ᠪᠠᠷᠢᠯᠭ᠎ᠠ ᠶᠢᠨ ᠪᠠᠷᠠᠭᠤᠨ ᠲᠠᠯ᠎ᠠ ᠶᠢᠨ ᠲᠠᠯᠠᠪᠠᠢ ᠶᠢᠨ ᠨᠣᠭᠣᠭᠠᠨ ᠪᠠᠶᠢᠭᠤᠯᠤᠮᠵᠢ ᠶᠢ ᠨᠡᠮᠡᠭᠳᠡᠭᠦᠯᠵᠦ᠂ ᠴᠡᠴᠡᠷᠯᠢᠭᠵᠢᠭᠦᠯᠬᠦ᠂ ᠲᠣᠬᠢᠵᠢᠭᠤᠯᠬᠤ ᠠᠵᠢᠯ ᠢ ᠬᠢᠵᠦ ᠪᠠᠶᠢᠨ᠎ᠠ᠃ ᠡᠨᠡ ᠣᠨ ᠳᠤ ᠤᠯᠤᠰ ᠤᠨ ᠲᠥᠰᠦᠪ ᠦᠨ ᠬᠥᠷᠦᠩᠭᠡ ᠣᠷᠣᠭᠤᠯᠤᠯᠲᠠ ᠪᠠᠷ ᠡᠷᠳᠡᠨᠢᠮᠠᠨᠳᠠᠯ ᠰᠤᠮᠤᠨ ᠳᠤ 150 ᠣᠷᠣ ᠲᠠᠢ ᠨᠢᠭᠡ ᠰᠢᠨ᠎ᠡ ᠴᠡᠴᠡᠷᠯᠢᠭ᠂ ᠡᠷᠳᠡᠨᠢᠪᠤᠯᠠᠭᠠᠨ ᠰᠤᠮᠤ ᠶᠢᠨ ︽ᠢᠷᠡᠭᠡᠳᠦᠢ︾ ᠴᠣᠭᠴᠠᠯᠠᠪᠤᠷᠢ ᠰᠤᠷᠭᠠᠭᠤᠯᠢ᠂ ᠪᠤᠯᠠᠭᠠᠨ᠂ ᠲᠠᠷᠢᠶᠠᠲᠤ ᠰᠤᠮᠤᠨ ᠳᠤ 50 ᠣᠷᠣ ᠲᠠᠢ ᠬᠡᠦᠬᠡᠳ ᠦᠨ ᠴᠡᠴᠡᠷᠯᠢᠭ ᠦᠨ ᠥᠷᠭᠡᠳᠬᠡᠯ ᠪᠠᠷᠢᠨ᠎ᠠ᠃

ᠰᠡᠳᠬᠢᠭᠳᠡᠯ ᠦᠯᠡᠳᠡᠭᠡᠬᠦ