ᠬᠥᠳᠡᠯᠭᠡᠭᠡᠨ ᠦ ᠰᠠᠭᠠᠵᠢᠯᠲᠠ ᠲᠠᠢ ᠢᠷᠭᠡᠳ ᠲᠦ ᠬᠥᠯ ᠪᠥᠮᠪᠥᠭᠡ ᠲᠠᠨᠢᠭᠤᠯᠤᠨ᠎ᠠ  | News.MN

ᠬᠥᠳᠡᠯᠭᠡᠭᠡᠨ ᠦ ᠰᠠᠭᠠᠵᠢᠯᠲᠠ ᠲᠠᠢ ᠢᠷᠭᠡᠳ ᠲᠦ ᠬᠥᠯ ᠪᠥᠮᠪᠥᠭᠡ ᠲᠠᠨᠢᠭᠤᠯᠤᠨ᠎ᠠ 

ᠬᠥᠳᠡᠯᠭᠡᠭᠡᠨ ᠦ ᠰᠠᠭᠠᠵᠢᠯᠲᠠ ᠲᠠᠢ ᠬᠥᠯ ᠪᠥᠮᠪᠥᠭᠡ ᠶᠢᠨ ᠲᠠᠮᠢᠷᠴᠢᠳ ᠢ ᠪᠡᠯᠡᠳᠬᠡᠬᠦ ᠳᠠᠰᠬᠠᠯᠵᠢᠭᠤᠯᠤᠭᠴᠢᠳ ᠲᠤ ᠵᠣᠷᠢᠭᠤᠯᠤᠭᠰᠠᠨ ᠰᠤᠷᠭᠠᠯᠲᠠ ᠮᠣᠩᠭᠣᠯ ᠤᠨ ᠬᠥᠯ ᠪᠥᠮᠪᠥᠭᠡ ᠶᠢᠨ ᠬᠣᠯᠪᠣᠭᠠᠨ ᠤ ᠪᠠᠶᠢᠷᠢᠨ ᠳᠤ ᠡᠬᠢᠯᠡᠯ᠎ᠡ᠃ ᠡᠨᠡᠬᠦ ᠰᠤᠷᠭᠠᠯᠲᠠ ᠨᠢ ᠮᠣᠩᠭᠣᠯ ᠤᠯᠤᠰ ᠲᠤ ᠠᠩᠬ᠎ᠠ ᠤᠳᠠᠭ᠎ᠠ ᠵᠣᠬᠢᠶᠠᠨ ᠪᠠᠶᠢᠭᠤᠯᠤᠭᠳᠠᠵᠤ ᠪᠠᠶᠢᠭ᠎ᠠ ᠪᠥᠭᠡᠳ ᠬᠥᠳᠡᠭᠡ ᠣᠷᠣᠨ ᠨᠤᠲᠤᠭ ᠠᠴᠠ ᠬᠣᠶᠠᠷ᠂ ᠤᠯᠠᠭᠠᠨᠪᠠᠭᠠᠲᠤᠷ ᠬᠣᠲᠠ ᠠᠴᠠ  ᠨᠠᠢᠮᠠᠨ ᠬᠦᠮᠦᠨ ᠣᠷᠣᠯᠴᠠᠵᠤ ᠪᠠᠶᠢᠨ᠎ᠠ᠃
ᠰᠤᠷᠭᠠᠯᠲᠠ ᠳᠤ ᠬᠠᠮᠤᠷᠤᠭᠳᠠᠵᠤ ᠪᠠᠶᠢᠭ᠎ᠠ ᠳᠠᠰᠬᠠᠯᠵᠢᠭᠤᠯᠤᠭᠴᠢᠳ ᠤᠨ ᠪᠦᠷᠢᠯᠳᠦᠬᠦᠨ ᠳᠦ ᠲᠤᠰᠬᠠᠢ ᠬᠡᠷᠡᠭᠴᠡᠭᠡᠲᠦ ᠪᠣᠯᠪᠠᠰᠤᠷᠠᠯ ᠤᠨ ᠪᠡᠶ᠎ᠡ ᠶᠢᠨ ᠲᠠᠮᠢᠷ ᠤᠨ ᠪᠠᠭᠰᠢ ᠨᠠᠷ ᠪᠣᠯᠤᠨ ᠬᠥᠳᠡᠯᠭᠡᠭᠡᠨ ᠵᠠᠰᠠᠯᠴᠢᠳ ᠪᠠᠭᠲᠠᠵᠤ ᠪᠠᠶᠢᠭ᠎ᠠ ᠶᠤᠮ᠃ ᠡᠨᠡ ᠰᠤᠷᠭᠠᠯᠲᠠ ᠨᠢ ᠮᠣᠩᠭᠣᠯ ᠤᠯᠤᠰ ᠲᠤ ᠬᠥᠳᠡᠯᠭᠡᠭᠡᠨ ᠦ ᠰᠠᠭᠠᠵᠢᠯᠲᠠ ᠲᠠᠢ ᠢᠷᠭᠡᠳ ᠦᠨ ᠬᠥᠯ ᠪᠥᠮᠪᠥᠭᠡ ᠶᠢᠨ ᠰᠫᠣᠷᠲ ᠢ ᠬᠥᠭᠵᠢᠭᠦᠯᠬᠦ ᠡᠬᠢᠨ ᠦ ᠠᠯᠬᠤᠮ ᠪᠣᠯᠵᠤ ᠪᠠᠶᠢᠭ᠎ᠠ ᠶᠢ ᠰᠤᠷᠭᠠᠭᠴᠢ ᠪᠠᠭᠰᠢ ᠨᠠᠷ ᠳᠤᠷᠠᠳᠤᠭᠠᠳ᠂ ᠰᠤᠷᠭᠠᠯᠲᠠ ᠶᠢ ᠦᠷ᠎ᠡ ᠳ᠋ᠦᠩ ᠲᠡᠢ ᠪᠣᠯᠤᠨ᠎ᠠ ᠭᠡᠳᠡᠭ ᠲᠦ ᠢᠲᠡᠭᠡᠯ ᠲᠡᠢ ᠪᠠᠶᠢᠭ᠎ᠠ ᠪᠠᠨ ᠢᠯᠡᠷᠬᠡᠶᠢᠯᠡᠭᠰᠡᠨ ᠶᠤᠮ᠃
ᠰᠤᠷᠭᠠᠯᠲᠠ ᠶᠢᠨ ᠡᠬᠢᠨ ᠦ ᠡᠳᠦᠷ ᠪᠤᠶᠤ ᠥᠨᠥᠳᠥᠷ ᠬᠥᠳᠡᠯᠭᠡᠭᠡᠨ ᠦ ᠰᠠᠭᠠᠵᠢᠯᠲᠠ ᠭᠡᠵᠦ ᠶᠠᠭᠤ ᠪᠣᠯᠬᠤ᠂ ᠳᠡᠯᠡᠬᠡᠢ ᠳᠠᠶᠠᠭᠠᠷ ᠬᠥᠳᠡᠯᠭᠡᠭᠡᠨ ᠦ ᠰᠠᠭᠠᠵᠢᠯᠲᠠ ᠲᠠᠢ ᠬᠥᠯ ᠪᠥᠮᠪᠥᠭᠡ ᠶᠢᠨ ᠲᠠᠮᠢᠷᠴᠢᠳ ᠲᠤ ᠬᠡᠷᠬᠢᠨ ᠠᠩᠬᠠᠷᠳᠠᠭ᠂ ᠲᠡᠳᠡᠨ ᠢ ᠶᠠᠭᠠᠬᠢᠵᠤ ᠠᠩᠭᠢᠯᠠᠳᠠᠭ ᠲᠤᠬᠠᠢ ᠣᠨᠣᠯ ᠤᠨ ᠮᠡᠳᠡᠯᠭᠡ ᠣᠯᠭᠤᠯ᠎ᠠ᠃ ᠬᠠᠷᠢᠨ ᠰᠤᠷᠭᠠᠯᠲᠠ ᠶᠢᠨ ᠳᠠᠷᠠᠭ᠎ᠠ ᠶᠢᠨ ᠡᠳᠦᠷ ᠦᠳ ᠫᠷᠠᠺᠲ᠋ᠢᠭ ᠬᠢᠴᠢᠶᠡᠯ ᠢᠶᠡᠷ ᠦᠷᠭᠦᠯᠵᠢᠯᠡᠬᠦ ᠶᠤᠮ᠃

ᠰᠡᠳᠬᠢᠭᠳᠡᠯ ᠦᠯᠡᠳᠡᠭᠡᠬᠦ