ᠤᠷᠢᠶᠠᠩᠬᠠᠢ ᠰᠤᠷ ᠤᠨ ᠬᠠᠷᠪᠤᠭᠠᠨ ᠤ ᠠᠪᠤᠷᠭᠤ ᠰᠢᠯᠭᠠᠷᠠᠭᠤᠯᠤᠨ᠎ᠠ  | News.MN

ᠤᠷᠢᠶᠠᠩᠬᠠᠢ ᠰᠤᠷ ᠤᠨ ᠬᠠᠷᠪᠤᠭᠠᠨ ᠤ ᠠᠪᠤᠷᠭᠤ ᠰᠢᠯᠭᠠᠷᠠᠭᠤᠯᠤᠨ᠎ᠠ 

︽ᠡᠪᠦᠭᠡ ᠰᠤᠷ︾ ᠭᠡᠭᠳᠡᠳᠡᠭ ᠤᠷᠢᠶᠠᠩᠬᠠᠢ ᠰᠤᠷ ᠤᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠮᠠᠷᠭᠠᠰᠢ ︵2019.06.28︶ ᠤᠯᠠᠭᠠᠨᠪᠠᠭᠠᠲᠤᠷ ᠬᠤᠲᠠ ᠳᠤ ᠡᠬᠢᠯᠡᠨ᠎ᠡ᠃  ᠬᠠᠷᠪᠤᠭᠠᠨ ᠳᠤ ᠣᠷᠣᠯᠴᠠᠬᠤ ᠪᠠᠷ  ᠡᠯ᠎ᠡ ᠭᠠᠵᠠᠷ ᠡᠴᠡ ᠣᠳᠣ ᠶᠢᠨ ᠪᠠᠶᠢᠳᠠᠯ ᠢᠶᠠᠷ 300 ᠣᠷᠴᠢᠮ ᠬᠠᠷᠪᠤᠭᠠᠴᠢ ᠬᠦᠷᠦᠯᠴᠡᠨ ᠢᠷᠡᠵᠡᠢ᠃

ᠮᠥᠨ ᠥᠨᠥᠳᠥᠷ ᠲᠧᠭᠨᠢᠭ ᠦᠨ ᠵᠦᠪᠯᠡᠯᠭᠡᠨ ᠪᠣᠯᠵᠤ᠂ ᠮᠠᠷᠭᠠᠰᠢ ᠪᠠᠭ ᠬᠠᠷᠪᠤᠭ᠎ᠠ ᠪᠠᠷ ᠡᠬᠢᠯᠡᠬᠦ ᠶᠤᠮ ᠪᠠᠶᠢᠨ᠎ᠠ᠃ ᠨᠢᠭᠡ ᠪᠠᠭ ᠳᠠᠰᠬᠠᠯᠵᠢᠭᠤᠯᠤᠭᠴᠢ ᠲᠠᠢ ᠪᠠᠨ ᠨᠡᠶᠢᠲᠡ 12 ᠬᠦᠮᠦᠨ ᠲᠡᠢ ᠤᠷᠤᠯᠴᠠᠬᠤ ᠶᠤᠮ᠃ ᠵᠠᠷᠢᠮ ᠠᠶᠢᠮᠠᠭ᠂ ᠺᠯᠦ᠋ᠫ ᠦᠳ 2-3 ᠪᠠᠭ ᠲᠠᠢ ᠣᠷᠣᠯᠴᠠᠵᠤ ᠪᠤᠢ ᠶᠤᠮ᠃ ᠬᠠᠷᠢᠨ ᠴᠤᠪᠤᠭ᠎ᠠ ᠬᠠᠷᠪᠤᠭ᠎ᠠ ᠪᠤᠶᠤ ᠭᠠᠭᠴᠠᠭᠠᠷᠴᠢᠯᠠᠭᠰᠠᠨ ᠦᠵᠡᠭᠦᠯᠦᠯᠲᠡ ᠭᠠᠷᠭᠠᠬᠤ ᠬᠠᠷᠪᠤᠭ᠎ᠠ ᠢᠷᠡᠬᠦ ᠨᠢᠮ᠎ᠠ ᠭᠠᠷᠠᠭ ᠲᠤ ᠪᠣᠯᠤᠨ᠎ᠠ᠃ ᠤᠭ ᠲᠥᠷᠥᠯ ᠳᠦ 30 ᠰᠤᠮᠤ ᠬᠠᠷᠪᠤᠵᠤ᠂ 22᠂ 23 ᠣᠨᠣᠭᠰᠠᠨ ᠬᠠᠷᠪᠤᠭᠠᠴᠢᠳ ᠰᠫᠣᠷᠲ ᠤᠨ ᠳᠡᠳ᠋ ᠮᠠᠰᠲ᠋ᠸᠷ᠂ 24  ᠡᠴᠡ ᠳᠡᠭᠡᠭᠰᠢ ᠣᠨᠣᠭᠰᠠᠨ ᠬᠠᠷᠪᠤᠭᠠᠴᠢ ᠰᠫᠣᠷᠲ ᠤᠨ ᠮᠠᠰᠲ᠋ᠸᠷ ᠴᠣᠯᠠ᠂ ᠲᠦᠷᠦᠭᠦᠯᠡᠭᠰᠡᠨ ᠨᠢ ᠤᠯᠤᠰ ᠤᠨ ᠠᠪᠤᠷᠭᠤ ᠬᠠᠷᠪᠤᠭᠠᠴᠢ ᠪᠣᠯᠬᠤ ᠳᠦᠷᠢᠮ ᠲᠡᠢ᠃
ᠳᠠᠰᠢᠷᠠᠮ ᠳᠤ ᠰᠣᠨᠢᠷᠬᠠᠭᠤᠯᠬᠤ ᠳᠤ ᠤᠷᠢᠶᠠᠩᠬᠠᠢ ᠰᠤᠷ ᠢ ︽ᠵᠥᠪᠬᠡᠨ ᠡᠷᠡᠴᠦᠳ ᠬᠠᠷᠪᠤᠳᠠᠭ᠂ ᠳᠠᠶᠢᠨ ᠪᠠᠶᠢᠯᠳᠤᠭᠠᠨ ᠤ ᠲᠥᠷᠥᠯ ᠡᠴᠡ ᠬᠠᠮᠤᠭ ᠤᠨ ᠠᠩᠬ᠎ᠠ ᠲᠣᠭᠯᠠᠭᠠᠮ ᠨᠠᠭᠠᠳᠤᠮ ᠤᠨ ᠲᠥᠷᠥᠯ ᠪᠣᠯᠤᠨ ᠡᠭᠦᠰᠦᠭᠰᠡᠨ ᠡᠪᠦᠭᠡ ᠰᠤᠷ》 ᠬᠡᠮᠡᠨ ᠰᠤᠳᠤᠯᠤᠭᠠᠴᠢᠳ ᠦᠵᠡᠳᠡᠭ ᠠᠵᠢ᠃

ᠰᠡᠳᠬᠢᠭᠳᠡᠯ ᠦᠯᠡᠳᠡᠭᠡᠬᠦ