ᠰᠣᠷᠢᠯᠭ᠎ᠠ ᠪᠠᠷᠢᠯᠳᠤᠭᠠᠨ ᠳᠤ ᠨᠠᠴᠢᠨ ᠳ∙ᠠᠨᠠᠷ ᠲᠦᠷᠦᠭᠦᠯᠡᠪᠡ  | News.MN

ᠰᠣᠷᠢᠯᠭ᠎ᠠ ᠪᠠᠷᠢᠯᠳᠤᠭᠠᠨ ᠳᠤ ᠨᠠᠴᠢᠨ ᠳ∙ᠠᠨᠠᠷ ᠲᠦᠷᠦᠭᠦᠯᠡᠪᠡ 

ᠦᠨᠳᠦᠰᠦᠨ ᠦ ᠶᠡᠬᠡ ᠪᠠᠶᠠᠷ ᠨᠠᠭᠠᠳᠤᠮ ᠤᠨ ᠡᠮᠦᠨ᠎ᠡ ᠪᠣᠯᠳᠠᠭ ᠰᠣᠷᠢᠯᠭ᠎ᠠ ᠪᠠᠷᠢᠯᠳᠤᠭᠠᠨ 06.23 ᠳᠦ ᠪᠥᠬᠡ ᠶᠢᠨ ᠥᠷᠭᠦᠭᠡᠨ ᠳᠦ ᠪᠣᠯᠤᠯ᠎ᠠ᠃ ᠬᠣᠪᠳᠣ ᠠᠶᠢᠮᠠᠭ ᠤᠨ ᠪᠤᠶᠠᠨᠲᠤ ᠰᠤᠮᠤ ᠶᠢᠨ ᠬᠠᠷᠢᠶᠠᠲᠤ᠂ 1940 ᠣᠨ ᠤ ᠤᠯᠤᠰ ᠤᠨ ᠨᠠᠭᠠᠳᠤᠮ ᠤᠨ ᠲᠦᠷᠦᠭᠦᠦ ᠪᠥᠬᠡ᠂ ᠤᠯᠤᠰ ᠤᠨ ᠠᠷᠰᠯᠠᠨ ᠱ∙ᠸᠠᠩᠴᠢᠨᠬᠦᠦ ᠠᠭᠰᠠᠨ ᠤ ᠨᠡᠷᠡᠮᠵᠢᠲᠦ ᠪᠠᠷᠢᠯᠳᠤᠭᠠᠨ ᠳᠤ ᠤᠯᠤᠰ᠂ ᠠᠶᠢᠮᠠᠭ ᠤᠨ ᠠᠯᠳᠠᠷ ᠴᠣᠯᠠ ᠲᠠᠢ 126 ᠪᠥᠬᠡ ᠪᠠᠷᠢᠯᠳᠤᠯ᠎ᠠ᠃ ᠪᠠᠷᠢᠯᠳᠤᠭᠠᠨ ᠳᠤ ᠤᠯᠤᠰ ᠤᠨ ᠨᠠᠴᠢᠨ ᠳ∙ᠠᠨᠠᠷ ᠲᠦᠷᠦᠭᠦᠯᠡᠵᠦ᠂ ᠤᠯᠤᠰ ᠤᠨ ᠠᠷᠰᠯᠠᠨ ᠫ∙ᠪᠦᠷᠢᠨᠲᠡᠭᠦᠰ ᠦᠵᠦᠭᠦᠷᠯᠡᠪᠡ᠃ ᠶᠡᠬᠡ ᠰᠢᠪᠦᠭᠡ ᠳᠦ ᠤᠯᠤᠰ ᠤᠨ ᠬᠠᠷᠴᠠᠭᠠᠢ ᠬ∙ᠭᠠᠩᠲᠤᠯᠭ᠎ᠠ᠂ ᠤᠯᠤᠰ ᠤᠨ ᠨᠠᠴᠢᠨ ᠪ∙ᠳᠠᠸᠠᠸᠠᠴᠢᠷ ᠨᠠᠷ ᠰᠢᠯᠭᠠᠷᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ