The Hu ᠬᠠᠮᠲᠤᠯᠢᠭ ᠲᠤ ᠵᠣᠷᠢᠭᠤᠯᠵᠤ ᠬᠡᠦᠬᠡᠯᠳᠡᠢ ᠤᠷᠠᠯᠠᠵᠠᠢ  | News.MN

The Hu ᠬᠠᠮᠲᠤᠯᠢᠭ ᠲᠤ ᠵᠣᠷᠢᠭᠤᠯᠵᠤ ᠬᠡᠦᠬᠡᠯᠳᠡᠢ ᠤᠷᠠᠯᠠᠵᠠᠢ 

ᠮᠣᠩᠭᠣᠯᠴᠤᠳ ᠠᠰᠤᠷᠤ ᠶᠡᠬᠡ ᠠᠪᠢᠶᠠᠰ ᠴᠢᠳᠠᠪᠤᠷᠢᠲᠠᠢ ᠭᠡᠳᠡᠭ ᠢ ᠳᠡᠯᠡᠬᠡᠢ ᠨᠡᠶᠢᠲᠡ ᠬᠠᠷᠠᠵᠤ ᠪᠠᠶᠢᠨ᠎ᠠ᠃ ᠰᠡᠭᠦᠯ ᠦᠨ ᠦᠶ᠎ᠡ ᠳᠦ ᠮᠣᠩᠭᠣᠯ ᠤᠨ The Hu ᠬᠠᠮᠲᠤᠯᠢᠭ ᠷᠣᠺ ᠰᠣᠨᠢᠷᠬᠠᠭᠴᠢᠳ ᠤᠨ ᠠᠩᠬᠠᠷᠤᠯ ᠢ ᠭᠣᠶᠢᠳᠠ ᠲᠠᠲᠠᠵᠤ ᠳᠡᠯᠡᠬᠡᠢ ᠳᠦ ᠨᠡᠷ᠎ᠡ ᠨᠢ ᠴᠤᠤᠷᠢᠶᠠᠲᠤᠵᠤ ᠪᠠᠶᠢᠨ᠎ᠠ᠃ ᠣᠷᠣᠰ ᠤᠨ ᠤᠷᠠᠨ ᠪᠦᠲᠦᠭᠡᠯᠴᠢ ᠣᠺᠰᠠᠨ᠎ᠠ ᠫᠠᠨᠴᠢᠨᠺᠣ ᠲᠡᠳᠡᠨ ᠳᠦ ᠵᠣᠷᠢᠭᠤᠯᠵᠤ ᠂ ᠬᠣᠶᠠᠷ ᠬᠡᠦᠬᠡᠯᠳᠡᠢ ᠬᠢᠭᠰᠡᠨ ᠪᠥᠭᠡᠳ ᠡᠨᠡ ᠨᠢ ︽ᠴᠢᠩᠭᠢᠰ ᠬᠠᠭᠠᠨ ᠤ ᠦᠷ᠎ᠡ ᠰᠠᠳᠤ ︾ ᠲᠥᠰᠥᠯ ᠦᠨ ᠦᠷᠭᠦᠯᠵᠢᠯᠡᠯ ᠪᠣᠯᠵᠤ ᠪᠠᠶᠢᠭ᠎ᠠ ᠶᠢ ᠣᠨᠴᠠᠯᠠᠵᠠᠢ᠃
ᠣᠺᠰᠠᠨ᠎ᠠ ᠫᠠᠨᠴᠢᠨᠺᠣ ᠲᠥᠰᠥᠯ ᠦᠨ ᠢᠶᠡᠨ ᠲᠠᠯ᠎ᠠ ᠪᠠᠷ᠄ ᠡᠨᠡ ᠪᠣᠯ The Hu ᠬᠠᠮᠲᠤᠯᠢᠭ ᠤᠨ ᠳᠠᠭᠤᠤ ᠶᠢ ᠰᠣᠨᠣᠰᠤᠭᠠᠳ ᠤᠷᠮ᠎ᠠ ᠵᠣᠷᠢᠭ ᠣᠷᠣᠭᠰᠠᠨ ᠪᠢᠴᠢᠬᠠᠨ ᠬᠥᠭᠵᠢᠮᠴᠢᠳ ᠶᠤᠮ᠃ ᠤᠳᠠᠬᠤ ᠦᠭᠡᠢ ᠬᠠᠮᠲᠤᠯᠢᠭ ᠤᠨ ᠪᠤᠰᠤᠳ ᠭᠡᠰᠢᠭᠦᠳ ᠢ ᠬᠢᠵᠦ ᠳᠠᠭᠤᠰᠬᠠᠬᠤ ᠪᠠᠷ ᠲᠡᠳᠡ ᠷᠤᠺ ᠤᠨ ᠵᠢᠩᠬᠢᠨᠢ ᠣᠳᠣ ᠪᠣᠯᠵᠠᠭᠠᠨ᠎ᠠ ᠃ ᠪᠢ ᠮᠣᠰᠺᠸᠠ ᠶᠢᠨ ᠣᠶᠢᠷᠠᠯᠴᠠᠭ᠎ᠠ ᠲᠦᠷᠦᠭᠰᠡᠨ᠃ 1987-1991 ᠣᠨ ᠳᠤ ᠤᠯᠠᠭᠠᠨᠪᠠᠭᠠᠲᠤᠷ ᠲᠤ ᠠᠮᠢᠳᠤᠷᠠᠵᠤ ᠪᠠᠶᠢᠭᠰᠠᠨ᠃ ᠲᠡᠷᠡ ᠦᠶ᠎ᠡ ᠡᠴᠡ ᠮᠣᠩᠭᠣᠯ ᠤᠨ ᠰᠠᠶᠢᠬᠠᠨ ᠣᠷᠣᠨ ᠳᠤ ᠬᠠᠶᠢᠷᠠᠲᠠᠢ ᠪᠣᠯᠤᠭᠰᠠᠨ ᠭᠡᠵᠦ ᠶᠠᠷᠢᠭᠰᠠᠨ ᠃

ᠰᠡᠳᠬᠢᠭᠳᠡᠯ ᠦᠯᠡᠳᠡᠭᠡᠬᠦ