ᠤᠯᠤᠰ ᠤᠨ ᠶᠡᠬᠡ ᠬᠤᠷᠠᠯ ᠤᠨ ᠬᠦᠮᠦᠨ ᠦ ᠡᠷᠬᠡ ᠶᠢᠨ ᠳᠡᠳ᠋ ᠬᠣᠷᠢᠶᠠᠨ ᠠᠴᠠ ︽ᠬᠦᠮᠦᠨ ᠦ ᠡᠷᠬᠡ ᠪᠠ ᠡᠷᠡᠭᠦᠦ ᠰᠢᠭᠦᠯᠲᠡ ᠶᠢᠨ ᠠᠰᠠᠭᠤᠳᠠᠯ︾ ᠬᠡᠯᠡᠯᠴᠡᠭᠦᠯᠭᠡ ᠶᠢ ᠥᠨᠥᠳᠥᠷ ︵2019.06.26︶ ᠵᠣᠬᠢᠶᠠᠨ ᠪᠠᠶᠢᠭᠤᠯᠤᠯ᠎ᠠ᠃ ᠮᠣᠩᠭᠣᠯ ᠤᠨ ᠬᠠᠤᠯᠢ ᠬᠢᠨᠠᠯᠲᠠ ᠶᠢᠨ ᠪᠠᠶᠢᠭᠤᠯᠤᠯᠭ᠎ᠠ ᠨᠤᠭᠤᠳ ᠡᠷᠡᠭᠦᠳᠡᠨ ᠰᠢᠭᠦᠯᠲᠡ ᠡᠴᠡ ᠠᠩᠭᠢᠳᠠ ᠪᠠᠶᠢᠬᠤ ᠡᠷᠬᠡ ᠶᠢ ᠬᠡᠷᠬᠢᠨ ᠬᠠᠩᠭᠠᠵᠤ ᠠᠵᠢᠯᠯᠠᠵᠤ ᠪᠠᠶᠢᠭ᠎ᠠ ᠡᠰᠡᠬᠦ ᠲᠠᠯ᠎ᠠ ᠪᠠᠷ ᠮᠡᠳᠡᠭᠡᠯᠡᠯ ᠰᠤᠨᠤᠰᠴᠦ᠂ ᠰᠠᠨᠠᠯ ᠰᠣᠯᠢᠯᠴᠠᠵᠤ᠂ ᠵᠥᠪᠯᠡᠮᠵᠢ ᠭᠠᠷᠭᠠᠬᠤ ᠶᠤᠮ ᠪᠠᠶᠢᠨ᠎ᠠ᠃
2017 ᠣᠨ ᠳᠤ ᠡᠷᠡᠭᠦᠦ ᠰᠢᠭᠦᠯᠲᠡ ᠲᠡᠢ ᠬᠣᠯᠪᠣᠭᠠᠲᠠᠢ ᠪᠠᠷ 51 ᠭᠣᠮᠣᠳᠠᠯ ᠮᠡᠳᠡᠭᠡᠯᠡᠯ ᠢᠷᠡᠭᠰᠡᠨ ᠡᠴᠡ 40 ᠭᠣᠮᠣᠳᠠᠯ ᠨᠢ ᠴᠠᠭᠳᠠᠭ᠎ᠠ ᠶᠢᠨ ᠠᠯᠪᠠᠨ ᠬᠠᠭᠠᠭᠴᠢ᠂ 11 ᠨᠢ ᠰᠢᠭᠦᠬᠦ ᠶᠢᠨ ᠰᠢᠢᠳᠪᠦᠷᠢ ᠭᠦᠢᠴᠡᠳᠭᠡᠬᠦ ᠪᠣᠯᠤᠨ ᠫᠷᠣᠺᠦ᠋ᠷᠣᠷ ᠤᠨ ᠪᠠᠶᠢᠭᠤᠯᠤᠯᠭ᠎ᠠ ᠶᠢᠨ ᠠᠯᠪᠠᠨ ᠬᠠᠭᠠᠭᠴᠢᠳ ᠤᠨ ᠦᠢᠯᠡᠳᠦᠯ ᠲᠡᠢ ᠬᠣᠯᠪᠣᠭᠠᠲᠠᠢ ᠪᠠᠶᠢᠪᠠ᠃ ᠡᠷᠡᠭᠦᠦ ᠰᠢᠭᠦᠯᠲᠡ ᠨᠢ ᠬᠡᠷᠡᠭ ᠪᠦᠷᠢᠳᠭᠡᠯ ᠂ ᠮᠥᠷᠳᠡᠨ ᠪᠠᠶᠢᠴᠠᠭᠠᠯᠲᠠ ᠶᠢᠨ ᠱᠠᠲᠤᠨ ᠳᠤ ᠬᠠᠮᠤᠭ ᠤᠨ ᠶᠡᠬᠡ ᠪᠠᠶᠢᠭ᠎ᠠ ᠶᠢ ᠠᠯᠪᠠᠨ ᠤ ᠬᠢᠨ ᠬᠡᠯᠡᠵᠦ ᠪᠠᠶᠢᠯ᠎ᠠ᠃ ᠬᠠᠷᠢᠨ ᠤᠯᠤᠰ ᠤᠨ ᠬᠡᠮᠵᠢᠶᠡᠨ ᠳᠦ ᠠᠩᠬᠠᠨ ᠱᠠᠲᠤ 2006-2018 ᠣᠨ ᠳᠤ ᠨᠡᠶᠢᠲᠡ 11 ᠭᠡᠮᠲᠦ ᠬᠡᠷᠡᠭ ᠢ ᠬᠢᠨᠠᠨ ᠰᠢᠢᠳᠪᠦᠷᠢᠯᠡᠵᠦ᠂ 13 ᠬᠦᠮᠦᠨ ᠳᠦ ᠶᠠᠯ᠎ᠠ ᠰᠢᠢᠳᠭᠡᠯ ᠣᠨᠣᠭᠳᠠᠭᠤᠯᠵᠠᠢ᠃ ᠰᠡᠭᠦᠯ ᠦᠨ ᠭᠤᠷᠪᠠᠨ ᠵᠢᠯ ᠦᠨ ᠬᠤᠭᠤᠴᠠᠭᠠᠨ ᠳᠤ ᠮᠥᠷᠳᠡᠨ ᠰᠢᠯᠭᠠᠬᠤ ᠶᠠᠪᠤᠴᠠ ᠳᠤ ᠨᠡᠶᠢᠲᠡ ᠳᠦ ᠪᠡᠨ ᠶᠢᠰᠦᠨ ᠤᠳᠠᠭ᠎ᠠ ᠡᠷᠡᠭᠦᠳᠡᠨ ᠰᠢᠭᠦᠭᠰᠡᠨ ᠲᠡᠢ ᠬᠣᠯᠪᠣᠭ᠎ᠠ ᠲᠠᠢ ᠭᠣᠮᠣᠳᠠᠯ ᠬᠢᠨᠠᠯᠲᠠ ᠶᠢᠨ ᠱᠠᠲᠤᠨ ᠤ ᠰᠢᠭᠦᠬᠦ ᠳᠦ ᠢᠷᠡᠵᠡᠢ᠃ ᠲᠤᠬᠠᠶᠢᠯᠠᠪᠠᠯ᠂ ᠬᠢᠨᠠᠯᠲᠠ ᠶᠢᠨ ᠱᠠᠲᠤᠨ ᠤ ᠰᠢᠭᠦᠬᠦ ᠡᠴᠡ ᠰᠡᠭᠦᠯ ᠦᠨ ᠳᠥᠷᠪᠡᠨ ᠵᠢᠯ ᠦᠨ ᠬᠤᠭᠤᠴᠠᠭᠠᠨ ᠳᠤ 2017 ᠣᠨ ᠳᠤ ᠴᠠᠭᠳᠠᠭ᠎ᠠ ᠶᠢᠨ ᠬᠡᠰᠡᠭ ᠦᠨ ᠲᠥᠯᠥᠭᠡᠯᠡᠭᠴᠢ ᠬᠣᠬᠢᠷᠠᠭᠴᠢ ᠨᠠᠷ ᠲᠤ ᠬᠦᠴᠦ ᠬᠡᠷᠡᠭᠯᠡᠬᠦ᠂ ᠬᠦᠮᠦᠨ ᠦ ᠬᠠᠯᠳᠠᠰᠢ ᠦᠭᠡᠢ ᠪᠠᠶᠢᠳᠠᠯ ᠳᠤ ᠬᠠᠯᠳᠠᠭᠰᠠᠨ ᠭᠡᠮᠲᠦ ᠬᠡᠷᠡᠭ ᠰᠢᠢᠳᠦᠭᠳᠡᠭᠰᠡᠨ ᠪᠠᠶᠢᠨ᠎ᠠ᠃
ᠤᠯᠤᠰ ᠤᠨ ᠶᠡᠷᠦᠩᠬᠡᠢ ᠫᠷᠣᠺᠦ᠋ᠷᠣᠷ ᠤᠨ ᠭᠠᠵᠠᠷ ᠤᠨ ᠳᠡᠷᠭᠡᠳᠡ ᠡᠷᠡᠭᠦᠳᠡᠨ ᠰᠢᠭᠦᠬᠦ ᠶᠢᠨ ᠡᠰᠡᠷᠭᠦ ᠵᠥᠪᠯᠡᠯ ᠪᠠᠶᠢᠭᠤᠯᠵᠠᠢ᠃ ᠡᠨᠡᠬᠦ ᠵᠥᠪᠯᠡᠯ ᠬᠤᠷᠢᠬᠤ ᠠᠩᠭᠢ ᠨᠤᠭᠤᠳ ᠲᠤ ᠬᠢᠨᠠᠯᠲᠠ᠂ ᠰᠢᠯᠭᠠᠯᠲᠠ ᠬᠢᠵᠡᠢ ᠃ ᠰᠢᠯᠭᠠᠯᠲᠠ ᠶᠢᠨ ᠳ᠋ᠦᠩ ᠳᠦ ᠬᠤᠷᠢᠬᠤ ᠠᠩᠬᠢ ᠶᠢᠨ 3000 ᠭᠠᠷᠤᠢ ᠰᠡᠵᠢᠭᠲᠡᠨ᠂ ᠶᠠᠯᠠᠯᠠᠭᠳᠠᠭᠴᠢ ᠨᠠᠷ ᠲᠠᠢ ᠠᠭᠤᠯᠵᠠᠵᠤ᠂ ᠪᠡᠶ᠎ᠡ ᠳᠦ ᠬᠠᠯᠳᠠᠬᠤ᠂ ᠡᠷᠡᠭᠦᠳᠡᠨ ᠰᠢᠭᠦᠬᠦ ᠲᠡᠢ ᠬᠣᠯᠪᠣᠭ᠎ᠠ ᠲᠠᠢ 35 ᠭᠣᠮᠣᠳᠠᠯ ᠢ ᠲᠣᠭᠲᠠᠭᠠᠵᠤ᠂ ᠬᠣᠯᠪᠣᠭᠳᠠᠬᠤ ᠪᠠᠶᠢᠭᠤᠯᠤᠯᠭ᠎ᠠ ᠳᠤ ᠰᠢᠯᠭᠠᠬᠤ ᠶᠢ ᠡᠭᠦᠷᠭᠡ ᠪᠣᠯᠭᠠᠭᠰᠠᠨ ᠪᠠᠶᠢᠨ᠎ᠠ᠃ ᠮᠥᠨ ᠡᠷᠡᠭᠦᠦ ᠰᠢᠭᠦᠯᠲᠡ ᠲᠤᠰᠬᠠᠬᠤ᠂ ᠡᠷᠡᠭᠦᠳᠡᠨ ᠰᠢᠭᠦᠬᠦ ᠦᠭᠡᠢ ᠪᠠᠶᠢᠬᠤ ᠴᠢᠭᠯᠡᠯ ᠢᠶᠡᠷ ᠴᠢᠨᠠᠭᠰᠢᠳᠠ ᠶᠠᠮᠠᠷ ᠠᠷᠭ᠎ᠠ ᠬᠡᠮᠵᠢᠶ᠎ᠡ ᠠᠪᠬᠤ᠂ ᠵᠥᠪᠯᠡᠮᠵᠢ᠂ ᠰᠤᠷᠭᠠᠯᠲᠠ ᠬᠦᠷᠭᠡᠭᠦᠯᠬᠦ ᠵᠡᠷᠭᠡ ᠠᠷᠭ᠎ᠠ ᠬᠡᠮᠵᠢᠶ᠎ᠡ ᠠᠪᠴᠤ᠂ ᠬᠤᠷᠢᠬᠤ ᠠᠩᠭᠢ᠂ ᠪᠠᠷᠢᠪᠴᠢᠯᠠᠨ ᠰᠠᠭᠠᠲᠠᠭᠤᠯᠬᠤ ᠭᠠᠵᠠᠷ ᠲᠤ ᠬᠢᠨᠠᠯᠲᠠ ᠶᠢ ᠰᠠᠶᠢᠵᠢᠷᠠᠭᠤᠯᠬᠤ᠂ ᠴᠠᠭᠳᠠᠨ ᠬᠣᠷᠢᠭᠳᠠᠭᠰᠠᠨ ᠡᠲᠡᠭᠡᠳ ᠦᠨ ᠥᠷᠥᠭᠡ ᠶᠢ ᠵᠥᠪᠰᠢᠶᠡᠷᠡᠯ ᠦᠭᠡᠢ ᠰᠣᠯᠢᠬᠤ᠂ ᠴᠠᠭᠳᠠᠨ ᠬᠤᠷᠢᠬᠤ ᠪᠠᠶᠢᠷᠢᠨ ᠤ ᠲᠤᠰᠬᠠᠢ ᠥᠷᠥᠭᠡᠨ ᠨᠦᠭᠦᠳ ᠢ ᠪᠦᠭᠦᠳᠡ ᠶᠢ ᠨᠢ ᠲᠠᠲᠠᠨ ᠪᠠᠭᠤᠯᠭᠠᠵᠠᠢ᠃