Legend  SHOW ᠮᠣᠩᠭᠣᠯ ᠤᠯᠠᠮᠵᠢᠯᠠᠯ ᠢ ᠳᠡᠯᠡᠬᠡᠢ ᠳᠦ ᠲᠦᠭᠡᠭᠡᠨ᠎ᠡ  | News.MN

Legend  SHOW ᠮᠣᠩᠭᠣᠯ ᠤᠯᠠᠮᠵᠢᠯᠠᠯ ᠢ ᠳᠡᠯᠡᠬᠡᠢ ᠳᠦ ᠲᠦᠭᠡᠭᠡᠨ᠎ᠡ 

ᠰᠤᠶᠤᠯ ᠤᠨ ᠪᠦᠲᠦᠭᠡᠯᠴᠢ ᠦᠢᠯᠡᠳᠪᠦᠷᠢᠯᠡᠯ᠂ ᠰᠤᠶᠤᠯ ᠤᠨ ᠬᠠᠷᠢᠯᠴᠠᠭ᠎ᠠ᠂ ᠰᠤᠶᠤᠯ ᠤᠨ ᠠᠶᠠᠯᠠᠯ ᠵᠢᠭᠤᠯᠴᠢᠯᠠᠯ ᠢ ᠬᠣᠯᠪᠣᠭᠰᠠᠨ LEGEND  SHOW ᠲᠥᠰᠥᠯ ᠬᠡᠷᠡᠭᠵᠢᠵᠦ ᠪᠠᠶᠢᠨ᠎ᠠ᠃ 2018 ᠣᠨ ᠠᠴᠠ ᠰᠠᠨᠠᠭᠠᠴᠢᠯᠠᠨ ᠬᠡᠷᠡᠭᠵᠢᠭᠦᠯᠵᠦ ᠪᠠᠶᠢᠭ᠎ᠠ LEGEND ᠪᠣᠯ ᠢᠵᠠᠭᠤᠷ ᠤᠷᠠᠯᠢᠭ ᠪᠠ ᠨᠡᠭᠦᠳᠡᠯᠴᠢᠨ ᠰᠡᠳᠬᠢᠯᠭᠡᠨ ᠦ ᠢᠯᠡᠷᠬᠡᠶᠢᠯᠡᠯ᠂ ᠰᠢᠨ᠎ᠡ ᠬᠥᠭᠵᠢᠮ᠂  ᠮᠤᠳ᠋ᠸᠷᠨᠧ ᠪᠠᠯᠧᠲ᠂ ᠲᠠᠶᠢᠰᠠ ᠪᠠ ᠳᠡᠯᠭᠡᠴᠡ᠂ ᠲᠢᠶᠠᠲ᠋ᠷ ᠬᠣᠣᠰᠯᠠᠭᠰᠠᠨ ᠲᠠᠶᠢᠰᠠᠨ ᠤ ᠪᠦᠲᠦᠭᠡᠯ ᠶᠤᠮ᠃ Legend entertainment ᠳᠣᠯᠣᠳᠤᠭᠠᠷ ᠰᠠᠷ᠎ᠠ ᠶᠢᠨ 7 -12 ᠍ ᠤ ᠡᠳᠦᠷ ᠦᠳ ᠲᠦ Corporate Hotel& Convention Centre ᠍ ᠦᠨ ᠺᠣᠨᠼᠧᠷᠲ ᠤᠨ ᠶᠡᠬᠡ ᠲᠠᠩᠬᠢᠮ ᠳᠤ ᠪᠣᠯᠤᠨ᠎ᠠ᠃ ᠤᠭ ᠲᠣᠭᠯᠠᠯᠲᠠ ᠶᠢᠨ ᠶᠡᠷᠦᠩᠬᠡᠢ ᠨᠠᠶᠢᠷᠠᠭᠤᠯᠤᠭᠴᠢ ᠪᠠᠷ ᠨ∙ᠨᠠᠷᠠᠨᠪᠠᠭᠠᠲᠤᠷ ᠠᠵᠢᠯᠯᠠᠵᠤ ᠪᠠᠶᠢᠭ᠎ᠠ ᠠᠴᠠ ᠭᠠᠳᠠᠨ᠎ᠠ ᠬᠥᠭᠵᠢᠮ ᠦᠨ ᠵᠣᠬᠢᠶᠠᠯᠴᠢ ᠳ∙ᠲᠦᠪᠰᠢᠨᠰᠠᠶᠢᠬᠠᠨ᠂ ᠪ∙ᠤᠳᠬᠤᠨᠪᠠᠲᠤ᠂ ᠬ∙ᠰᠣᠶᠣᠮᠪᠣ ᠨᠠᠷ ᠠᠵᠢᠯᠯᠠᠵᠤ ᠪᠤᠢ ᠶᠤᠮ᠃ ᠶᠡᠷᠦᠩᠬᠡᠢ ᠵᠢᠷᠤᠭᠠᠴᠢ ᠪᠠᠷ ᠲ∙ᠭᠠᠩᠬᠤᠶᠠᠭ ᠠᠵᠢᠯᠯᠠᠵᠤ᠂ ᠪᠦᠵᠢᠭ ᠢ ᠡ᠊∙ᠡᠷᠳᠡᠨᠢᠵᠢᠷᠭᠠᠯ᠂ ᠭ∙ᠪᠠᠲᠤᠴᠢᠮᠠᠩ ᠨᠠᠷ ᠳᠢᠭᠯᠡᠵᠦ ᠪᠠᠶᠢᠨ᠎ᠠ᠃
ᠮᠣᠩᠭᠣᠯ ᠲᠤᠭᠤᠷᠭᠠᠲᠠᠨ ᠤ ᠰᠤᠶᠤᠯ ᠤᠨ ᠣᠯᠠᠨ ᠲᠥᠷᠥᠯ᠂ ᠦᠨᠳᠦᠰᠦᠨ ᠦ ᠦᠨᠡᠲᠦ ᠵᠦᠢᠯ ᠬᠢᠭᠡᠳ ᠮᠣᠩᠭᠣᠯ ᠬᠦᠮᠦᠨ ᠦ ᠡᠷᠬᠢᠮᠯᠡᠬᠦ ᠵᠦᠢᠯᠡᠰ ᠢ ᠲᠦᠭᠡᠭᠡᠬᠦ᠂ ᠰᠤᠶᠤᠯ ᠤᠷᠠᠯᠢᠭ ᠢᠶᠠᠷ ᠳᠠᠮᠵᠢᠭᠤᠯᠤᠨ ᠡᠬᠡ ᠣᠷᠣᠨ ᠢᠶᠠᠨ ᠣᠯᠠᠨ ᠤᠯᠤᠰ ᠲᠤ ᠰᠤᠷᠲᠠᠯᠴᠢᠯᠠᠨ ᠲᠠᠨᠢᠭᠤᠯᠵᠤ᠂ ᠮᠣᠩᠭᠣᠯᠴᠤᠳ ᠤᠨ ᠦᠨ᠎ᠡ ᠴᠡᠨ᠎ᠡ ᠶᠢ ᠥᠰᠬᠡᠬᠦ᠂ ᠤᠯᠠᠮᠵᠢᠯᠠᠯᠲᠤ ᠥᠪ ᠰᠤᠶᠤᠯ ᠢᠶᠠᠨ ᠲᠦᠭᠡᠭᠡᠨ ᠳᠡᠯᠭᠡᠷᠡᠭᠦᠯᠬᠦ ᠵᠣᠷᠢᠯᠭ᠎ᠠ ᠲᠠᠢ Legend entertainment  ᠦᠨ ᠬᠡᠪᠯᠡᠯ ᠦᠨ ᠬᠤᠷᠠᠯ ᠢ ᠮᠠᠷᠭᠠᠰᠢ ︵2019.06.27︶ 11᠄00 ᠴᠠᠭ ᠠᠴᠠ ︽ᠵᠠᠭᠤᠨ ᠤ ᠮᠡᠳᠡᠭᠡ︾ ᠮᠡᠳᠡᠭᠡᠯᠡᠯ ᠦᠨ ᠲᠥᠪ ᠲᠦ ᠬᠢᠬᠦ ᠪᠡᠷ ᠪᠣᠯᠤᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ