ᠨ∙ᠲᠡᠭᠦᠰᠦᠴᠣᠭᠲᠤ ᠲᠠᠢ ᠭᠠᠷᠢ ᠷᠠᠰᠰᠧᠯ ᠲᠤᠯᠤᠯᠳᠤᠬᠤ ᠬᠦᠰᠡᠯ ᠦᠭᠡᠢ ᠪᠠᠶᠢᠨ᠎ᠠ  | News.MN

ᠨ∙ᠲᠡᠭᠦᠰᠦᠴᠣᠭᠲᠤ ᠲᠠᠢ ᠭᠠᠷᠢ ᠷᠠᠰᠰᠧᠯ ᠲᠤᠯᠤᠯᠳᠤᠬᠤ ᠬᠦᠰᠡᠯ ᠦᠭᠡᠢ ᠪᠠᠶᠢᠨ᠎ᠠ 

ᠮᠡᠷᠭᠡᠵᠢᠯ ᠦᠨ ᠪᠣᠺᠰ ᠤᠨ IBO ᠬᠣᠯᠪᠣᠭᠠᠨ ᠤ 57.2 ᠺᠢᠯᠦᠭᠷᠡᠮ ᠪᠤᠶᠤ ᠬᠠᠭᠠᠰ ᠬᠥᠩᠭᠡᠨ ᠵᠢᠩ ᠦᠨ ᠳᠡᠯᠡᠬᠡᠢ ᠶᠢᠨ ᠠᠪᠤᠷᠭᠤ ᠨ∙ᠲᠡᠭᠦᠰᠦᠴᠣᠭᠲᠤ ᠢᠷᠡᠬᠦ ᠨᠠᠢᠮᠠᠳᠤᠭᠠᠷ ᠰᠠᠷ᠎ᠠ ᠳᠤ ᠭᠠᠷᠢ ᠷᠠᠰᠰᠧᠯ ᠲᠠᠢ ᠲᠤᠯᠤᠯᠳᠤᠬᠤ ᠪᠠᠷ  ᠲᠤᠪ ᠭᠠᠷᠤᠭᠠᠳ ᠪᠠᠶᠢᠭᠰᠠᠨ ᠪᠢᠯᠡ᠃ ᠬᠡᠷᠪᠡ ᠡᠨᠡ ᠲᠤᠯᠤᠭᠠᠨ ᠢ ᠭᠠᠷᠢ ᠷᠠᠰᠰᠧᠯ ᠬᠢᠬᠦ ᠦᠭᠡᠢ ᠪᠣᠯ WBO ᠬᠣᠯᠪᠣᠭᠠᠨ ᠠᠴᠠ ᠠᠪᠤᠷᠭᠤ ᠶᠢᠨ ᠪᠥᠰᠡ ᠶᠢ ᠨᠢ ᠬᠤᠷᠢᠶᠠᠨ ᠠᠪᠴᠤ ᠂ ᠨ∙ᠲᠡᠭᠦᠰᠦᠴᠣᠭᠲᠤ ᠳᠤ ᠲᠤᠯᠤᠭᠠᠨ ᠦᠭᠡᠢ ᠪᠡᠷ ᠥᠭᠬᠦ ᠰᠢᠢᠳᠪᠦᠷᠢ ᠭᠠᠷᠭᠠᠵᠠᠢ᠃ ᠭᠠᠷᠢ ᠷᠠᠰᠰᠧᠯ ᠰᠠᠶ᠋ᠢᠬᠠᠨ ᠥᠭᠭᠦᠭᠰᠡᠨ ᠶᠠᠷᠢᠯᠴᠠᠯᠭᠠᠨ ᠳᠤ ᠪᠠᠨ WBA ᠬᠣᠯᠪᠣᠭᠠᠨ ᠤ ᠬᠠᠭᠠᠰ ᠬᠥᠩᠭᠡᠨ ᠵᠢᠩ ᠦᠨ ᠠᠪᠤᠷᠭᠤ ᠯᠸᠤ᠋ ᠰᠠᠨᠲ᠋ᠠ ᠺᠷᠦᠰ ᠲᠡᠢ ᠲᠤᠯᠤᠯᠳᠤᠬᠤ ᠬᠦᠰᠡᠯ ᠲᠡᠢ ᠪᠠᠶᠢᠭ᠎ᠠ ᠪᠠᠨ ᠬᠡᠯᠡᠵᠡᠢ᠃ ᠲᠡᠷᠡᠪᠡᠷ ᠡᠨᠡ ᠲᠣᠭᠯᠠᠯᠲᠠ ᠶᠢ ᠵᠣᠬᠢᠶᠠᠨ ᠪᠠᠶᠢᠭᠤᠯᠬᠤ ᠦᠭᠡᠢ ᠪᠣᠯ 59 ᠺᠢᠯᠦᠭᠷᠡᠮ ᠤᠨ ᠵᠢᠩ ᠳᠦ ᠳᠡᠪᠰᠢᠬᠦ ᠪᠡᠨ ᠬᠡᠯᠡᠭᠰᠡᠨ ᠪᠠᠶᠢᠨ᠎ᠠ᠃
ᠮᠡᠷᠭᠡᠵᠢᠯ ᠦᠨ ᠪᠣᠺᠰ ᠤᠨ 11 ᠲᠤᠯᠤᠭᠠᠨ ᠬᠢᠵᠦ᠂ 11 ᠢᠯᠠᠯᠲᠠ ᠪᠠᠶᠢᠭᠤᠯᠤᠭᠰᠠᠨ ᠨ∙ᠲᠡᠭᠦᠰᠦᠴᠣᠭᠲᠤ IBO ᠬᠣᠯᠪᠣᠭᠠᠨ ᠤ 57.2 ᠺᠢᠯᠦᠭᠷᠡᠮ ᠵᠢᠩ ᠦᠨ ᠳᠡᠯᠡᠬᠡᠢ ᠶᠢᠨ ᠠᠪᠤᠷᠭᠤ ᠴᠣᠯᠠ ᠶᠢ ᠡᠵᠡᠮᠰᠢᠵᠦ ᠪᠠᠶᠢᠭ᠎ᠠ ᠪᠥᠭᠡᠳ ᠴᠢᠨᠠᠭᠰᠢᠳᠠ ᠪᠤᠰᠤᠳ ᠬᠣᠯᠪᠣᠭᠠᠨ ᠤ ᠳᠡᠯᠡᠬᠡᠢ ᠶᠢᠨ ᠠᠪᠤᠷᠭᠤ ᠪᠣᠯᠬᠤ ᠬᠦᠰᠡᠯ ᠲᠡᠢ ᠭᠡᠳᠡᠭ ᠢᠶᠡᠨ ᠬᠡᠯᠡᠵᠦ ᠪᠡᠯᠡᠳᠬᠡᠯ ᠳᠦ ᠪᠡᠨ ᠢᠯᠡᠭᠦᠦ ᠶᠡᠬᠡ ᠠᠩᠬᠠᠷᠴᠤ ᠪᠠᠶᠢᠭ᠎ᠠ ᠪᠠᠨ ᠬᠡᠯᠡᠵᠦ ᠪᠠᠶᠢᠪᠠ᠃ ᠲᠡᠭᠦᠨ ᠦ ᠳᠠᠷᠠᠭ᠎ᠠ ᠶᠢᠨ ᠥᠷᠢᠰᠦᠯᠳᠦᠭᠴᠢ ᠪᠣᠯᠬᠤ ᠭᠠᠷᠢ ᠷᠠᠰᠰᠧᠯ ᠦᠨ ᠰᠢᠢᠳᠪᠦᠷᠢ ᠶᠢ ᠬᠠᠷᠠᠬᠤ ᠦᠯᠡᠳᠡᠯ᠎ᠡ᠃ ᠬᠡᠷᠪᠡ ᠭᠠᠷᠢ ᠢᠷᠡᠬᠦ  ᠨᠠᠢᠮᠠᠳᠤᠭᠠᠷ ᠰᠠᠷ᠎ᠠ ᠳᠤ ᠲᠤᠯᠤᠯᠳᠤᠬᠤ ᠦᠭᠡᠢ ᠭᠡᠪᠡᠯ WBO ᠬᠣᠯᠪᠣᠭᠠᠨ ᠠᠴᠠ ᠠᠪᠤᠷᠭᠤ ᠶᠢᠨ ᠪᠥᠰᠡ ᠶᠢ ᠨᠢ ᠬᠤᠷᠢᠶᠠᠨ ᠠᠪᠴᠤ ᠨ∙ᠲᠡᠭᠦᠰᠴᠤᠭᠲᠤ ᠳᠤ ᠥᠭᠭᠦᠨ᠎ᠡ᠃ ᠰᠣᠨᠢᠷᠬᠠᠯᠲᠠᠢ ᠨᠢ ᠬᠣᠶᠠᠷ ᠪᠣᠺᠰᠴᠢᠨ ᠤ ᠲᠤᠯᠤᠭᠠᠨ ᠥᠩᠭᠡᠷᠡᠭᠴᠢ ᠲᠠᠪᠤᠳᠤᠭᠠᠷ ᠰᠠᠷ᠎ᠠ ᠳᠤ ᠪᠣᠯᠬᠤ ᠪᠠᠶᠢᠭᠰᠠᠨ ᠴᠤ ᠭᠠᠷᠢ ᠲᠤᠯᠤᠯᠳᠤᠬᠤ ᠠᠴᠠ ᠲᠠᠲᠠᠭᠠᠯᠵᠠᠭᠰᠠᠨ ᠶᠤᠮ᠃ ᠳᠠᠷᠠᠭ᠎ᠠ ᠶᠢᠨ ᠲᠣᠭᠯᠠᠯᠲᠠ ᠴᠤ ᠮᠥᠨ ᠴᠤᠴᠠᠯᠠᠭᠳᠠᠬᠤ ᠮᠠᠭᠠᠳᠯᠠᠯ ᠲᠠᠢ ᠪᠠᠶᠢᠨ᠎ᠠ᠃

ᠰᠡᠳᠬᠢᠭᠳᠡᠯ ᠦᠯᠡᠳᠡᠭᠡᠬᠦ

1 ᠰᠡᠳᠬᠢᠭᠳᠡᠯ

Avatar

Нэргүй 2019-06-26 66.181.177.253

jaj bosoo bolgokh ve