ᠬᠢᠲᠠᠨ ᠦᠨᠳᠦᠰᠦᠲᠡᠨ ᠦ ᠥᠪ ᠰᠤᠶᠤᠯ ᠢ ᠳᠡᠯᠭᠡᠨ᠎ᠡ  | News.MN

ᠬᠢᠲᠠᠨ ᠦᠨᠳᠦᠰᠦᠲᠡᠨ ᠦ ᠥᠪ ᠰᠤᠶᠤᠯ ᠢ ᠳᠡᠯᠭᠡᠨ᠎ᠡ 

ᠮᠣᠩᠭᠣᠯ ᠬᠢᠲᠠᠳ ᠦᠨ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 70 ᠵᠢᠯ ᠦᠨ ᠣᠢ ᠶᠢᠨ ᠬᠦᠷᠢᠶᠡᠨ ᠳᠦ ᠥᠪᠥᠷ ᠮᠣᠩᠭᠣᠯ ᠤᠨ ᠮᠦᠽᠧᠢ᠂ ᠮᠣᠩᠭᠣᠯ ᠤᠨ ᠦᠨᠳᠦᠰᠦᠨ ᠦ ᠮᠦᠽᠧᠢ ᠲᠡᠢ ᠬᠠᠮᠲᠤᠷᠠᠨ  ︽ᠬᠢᠲᠠᠨ-ᠶᠡᠬᠡ ᠯᠢᠶᠣᠣ ᠤᠯᠤᠰ᠄ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ  ᠦᠪᠦᠷ ᠮᠤᠩᠭᠤᠯ ᠤᠨ  ᠬᠢᠲᠠᠨ ᠤ ᠰᠢᠯᠢᠳᠡᠭ ᠦᠵᠡᠮᠦᠷᠢ ︾ ᠦᠵᠡᠰᠬᠦᠯᠡᠩ ᠢ ᠳᠡᠯᠭᠡᠬᠦ ᠭᠡᠵᠦ ᠪᠠᠶᠢᠨ᠎ᠠ᠃
ᠬᠢᠲᠠᠨ ᠤᠯᠤᠰ ᠨᠢ 10-12 ᠳ᠋ᠤᠭᠠᠷ ᠵᠠᠭᠤᠨ ᠳᠤ ᠮᠣᠩᠭᠣᠯ ᠤᠨ ᠥᠨᠳᠥᠷᠯᠢᠭ ᠦᠨ ᠡᠮᠦᠨᠡᠲᠦ ᠬᠡᠰᠡᠭ᠂ ᠣᠳᠣ ᠶᠢᠨ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠤᠮᠠᠷᠠᠳᠤ ᠨᠤᠲᠤᠭ ᠲᠤ ᠠᠵᠤ ᠲᠦᠷᠦᠵᠦ ᠠᠰᠠᠨ ᠨᠡᠭᠦᠳᠡᠯᠴᠢᠨ ᠤᠭᠰᠠᠭᠠᠨ ᠤ ᠦᠨᠳᠦᠰᠦᠲᠡᠨ ᠶᠤᠮ᠃  ᠬᠢᠲᠠᠨ ᠨᠤᠭᠤᠳ 916 ᠣᠨ ᠳᠤ ᠶᠡᠬᠡ ᠯᠢᠶᠣᠣ ᠤᠯᠤᠰ ᠢ ᠪᠠᠶᠢᠭᠤᠯᠤᠨ᠂ 200 ᠭᠠᠷᠤᠢ ᠵᠢᠯ ᠣᠷᠣᠰᠢᠨ ᠲᠣᠭᠲᠠᠨᠢᠭᠰᠠᠨ᠃ ᠤᠭ ᠦᠵᠡᠰᠬᠦᠯᠡᠩ ᠳᠦ ᠳᠡᠯᠡᠬᠡᠢ ᠶᠢ ᠱᠤᠤᠭᠢᠭᠤᠯᠤᠭᠰᠠᠨ  ᠠᠷᠾᠸᠦᠯᠦᠭᠢ ᠶᠢᠨ ᠨᠡᠭᠡᠭᠡᠯᠲᠡ ᠶᠢᠨ ᠨᠢᠭᠡ  ︽ᠶᠸᠯᠢᠦᠢ ᠢᠦᠢ ᠵᠢᠢ ᠶᠢᠨ ᠪᠤᠩᠬᠤᠨ︾᠂  ︽ᠲᠤᠭᠤᠯᠵᠢ ᠶᠢᠨ ᠠᠭᠤᠯᠠ ᠶᠢᠨ  ᠪᠤᠩᠬᠤᠨ︾ ᠤ ᠣᠯᠳᠠᠪᠤᠷᠢ ᠨᠤᠭᠤᠳ ᠂ ᠠᠯᠲᠠ᠂ ᠮᠥᠩᠭᠥᠨ ᠡᠳ᠋ᠯᠡᠯ᠂ ᠭᠣᠶᠣᠯ ᠴᠢᠮᠡᠭᠯᠡᠯ᠂ ᠮᠣᠷᠢᠨ ᠤ ᠲᠣᠨᠣᠭ ᠬᠡᠷᠡᠭᠰᠡᠯ᠂ ᠸᠠᠭᠠᠷ ᠱᠠᠭᠠᠵᠠᠩ᠂ ᠭᠡᠷᠡᠯᠲᠦ ᠬᠥᠰᠢᠶ᠎ᠡ᠂ ᠲᠠᠬᠢᠯ ᠤᠨ ᠵᠠᠩ ᠦᠢᠯᠡ ᠶᠢᠨ ᠡᠳ᠋ ᠥᠯᠥᠭ ᠵᠡᠷᠭᠡ 70 ᠢᠵᠢ 450 ᠭᠠᠷᠤᠢ ᠬᠣᠪᠣᠷ ᠨᠠᠨᠳᠢᠨ ᠦᠵᠡᠮᠦᠷᠢ ᠨᠦᠭᠦᠳ ᠢ ᠠᠩᠬ᠎ᠠ ᠤᠳᠠᠭ᠎ᠠ ᠨᠢᠭᠡ ᠳᠣᠣᠷ᠎ᠠ ᠴᠣᠭᠴᠠ ᠪᠠᠷ ᠨᠢ ᠳᠡᠯᠭᠡᠨ ᠦᠵᠡᠭᠦᠯᠵᠦ ᠪᠤᠢ ᠶᠤᠮ᠃ ᠲᠤᠰ ᠦᠵᠡᠰᠬᠦᠯᠡᠩ 2019 ᠣᠨ ᠤ 6 . 27 – 9 . 6 ᠍ ᠳᠦ ᠮᠣᠩᠭᠣᠯ ᠤᠨ ᠦᠨᠳᠦᠰᠦᠨ ᠦ ᠮᠦᠽᠧᠢ ᠳᠦ ᠣᠯᠠᠨ ᠨᠡᠶᠢᠲᠡ ᠳᠦ ᠦᠨ᠎ᠡ ᠲᠥᠯᠦᠪᠦᠷᠢ ᠦᠭᠡᠢ ᠠᠵᠢᠯᠯᠠᠨ᠎ᠠ᠃

ᠰᠡᠳᠬᠢᠭᠳᠡᠯ ᠦᠯᠡᠳᠡᠭᠡᠬᠦ