ᠲᠠᠷᠢᠶᠠᠨ ᠤ ᠵᠠᠮ ᠢ ᠬᠠᠲᠠᠭᠤ ᠬᠤᠴᠢᠯᠲᠠ ᠲᠠᠢ ᠪᠤᠯᠭᠠᠨ᠎ᠠ | News.MN

ᠲᠠᠷᠢᠶᠠᠨ ᠤ ᠵᠠᠮ ᠢ ᠬᠠᠲᠠᠭᠤ ᠬᠤᠴᠢᠯᠲᠠ ᠲᠠᠢ ᠪᠤᠯᠭᠠᠨ᠎ᠠ

ᠳᠠᠷᠬᠠᠨ ᠰᠡᠯᠡᠩᠭᠡ ᠶᠢᠨ ᠱᠠᠮᠠᠷ – ᠵᠡᠭᠦᠨᠪᠦ᠋ᠷᠢᠨ- ᠴᠠᠭᠠᠨᠨᠠᠭᠤᠷ – ᠲᠦᠰᠢᠭ –  ᠵᠡᠯᠲᠡᠷ  ᠦᠨ ᠪᠣᠭᠣᠮᠲᠠ ᠴᠢᠭᠯᠡᠯ ᠦᠨ 130.85 ᠺᠢᠯᠣᠮᠧᠲ᠋ᠷ ᠬᠠᠲᠠᠭᠤ ᠬᠤᠴᠢᠯᠲᠠ ᠲᠠᠢ ᠠᠦ᠋ᠲ᠋ᠣ᠋ ᠵᠠᠮ ᠢ ᠠᠰᠢᠭᠯᠠᠯᠲᠠ ᠳᠤ ᠤᠷᠤᠭᠤᠯᠬᠤ ᠬᠤᠭᠤᠴᠠᠭ᠎ᠠ ᠶᠢ 2021 ᠣᠨ᠂ ᠲᠥᠰᠥᠯ ᠦᠨ ᠡᠷᠭᠢᠨ ᠲᠥᠯᠦᠯᠲᠡ ᠶᠢᠨ ᠬᠤᠪᠢᠶᠠᠷᠢ ᠶᠢ 2022-2025 ᠣᠨ ᠪᠠᠶᠢᠬᠤ ᠪᠠᠷ ᠺᠤᠨᠴᠸᠰᠰ ᠤᠨ ᠭᠡᠷ᠎ᠡ ᠳᠦ ᠨᠡᠮᠡᠯᠲᠡ ᠥᠭᠡᠷᠡᠴᠢᠯᠡᠯᠲᠡ ᠣᠷᠣᠭᠤᠯᠬᠤ ᠶᠢ ᠵᠠᠰᠠᠭ ᠤᠨ ᠭᠠᠵᠠᠷ ᠠᠴᠠ ᠵᠦᠪᠰᠢᠶᠡᠷᠡᠪᠡ᠃ ᠳᠡᠭᠡᠷᠡᠬᠢ ᠵᠠᠮ ᠨᠢ ᠤᠯᠤᠰ  ᠪᠣᠯᠤᠨ ᠰᠡᠯᠡᠩᠭᠡ ᠠᠶᠢᠮᠠᠭ ᠤᠨ ᠨᠠᠮᠤᠷ ᠤᠨ ᠤᠷᠭᠤᠴᠠ ᠲᠡᠭᠡᠭᠡᠪᠦᠷᠢᠯᠡᠳᠡᠭ ᠭᠣᠣᠯ ᠵᠠᠮ ᠪᠥᠭᠡᠳ ᠬᠠᠲᠠᠭᠤ ᠬᠤᠴᠢᠯᠲᠠ ᠲᠠᠢ ᠪᠣᠯᠭᠠᠬᠤ ᠲᠠᠯ᠎ᠠ ᠪᠠᠷ ᠠᠶᠢᠮᠠᠭ ᠤᠨ ᠤᠳᠤᠷᠢᠳᠤᠯᠭ᠎ᠠ᠂ ᠲᠠᠷᠢᠶᠠᠯᠠᠩᠴᠢᠳ ᠦᠶ᠎ᠡ ᠦᠶ᠎ᠡ ᠶᠢᠨ ᠵᠠᠰᠠᠭ ᠤᠨ ᠭᠠᠵᠠᠷ ᠲᠤ ᠬᠦᠰᠡᠯᠲᠡ ᠭᠠᠷᠭᠠᠭᠰᠠᠭᠠᠷ ᠢᠷᠡᠵᠡᠢ ᠃ ᠵᠠᠮ ᠢ ︽ᠮᠣᠩᠭᠣᠯ ᠯ ᠽ ᠵᠠᠮ ᠭᠦᠦᠷ︾ ᠺᠤᠮᠫᠠᠨᠢ ᠲᠠᠯᠪᠢᠬᠤ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ