ᠴ∙ᠰᠠᠩᠵᠠᠶᠢᠳᠠᠮᠪᠠ ᠡᠰᠡᠷᠭᠦᠴᠡᠯ ᠢᠯᠡᠷᠬᠡᠶᠢᠯᠡᠯ᠎ᠡ  | News.MN

ᠴ∙ᠰᠠᠩᠵᠠᠶᠢᠳᠠᠮᠪᠠ ᠡᠰᠡᠷᠭᠦᠴᠡᠯ ᠢᠯᠡᠷᠬᠡᠶᠢᠯᠡᠯ᠎ᠡ 

ᠮᠣᠩᠭᠣᠯ ᠤᠯᠤᠰ ᠤᠨ ᠠᠷᠰᠯᠠᠨ ᠱ∙ᠸᠠᠩᠴᠢᠨᠬᠦᠦ ᠠᠭᠰᠠᠨ ᠤ ᠨᠡᠷᠡᠮᠵᠢᠲᠦ ᠨᠠᠭᠠᠳᠤᠮ ᠤᠨ ᠰᠣᠷᠢᠯᠭ᠎ᠠ ᠪᠠᠷᠢᠯᠳᠤᠭᠠᠨ ᠪᠥᠬᠡ ᠶᠢᠨ ᠥᠷᠭᠦᠭᠡᠨ ᠳᠦ ᠪᠣᠯᠵᠤ ᠪᠠᠶᠢᠨ᠎ᠠ᠃ ᠪᠥᠬᠡ ᠶᠢᠨ ᠪᠠᠷᠢᠯᠳᠤᠭᠠᠨ ᠮᠠᠷᠭᠤᠭᠠᠨ ᠢᠶᠠᠷ ᠡᠬᠢᠯᠡᠵᠦ᠂ ᠪᠠᠷᠢᠯᠳᠤᠬᠤ ᠡᠷᠬᠡ ᠨᠢ ᠰᠡᠷᠭᠦᠭᠡᠭᠳᠡᠭᠡᠳ ᠪᠠᠶᠢᠭ᠎ᠠ ᠤᠯᠤᠰ ᠤᠨ ᠵᠠᠭᠠᠨ ᠪ∙ᠫᠦᠷᠪᠦᠰᠠᠶᠢᠬᠠᠨ ᠂ ᠤᠯᠤᠰ ᠤᠨ ᠭᠠᠷᠤᠳᠢ ᠥ᠊∙ᠪᠠᠲᠤ-ᠤᠷᠤᠰᠢᠬᠤ᠂ ᠤᠯᠤᠰ ᠤᠨ ᠨᠠᠴᠢᠨ ᠡ᠊∙ᠳᠠᠰᠢ᠂ ᠠᠶᠢᠮᠠᠭ ᠤᠨ ᠠᠷᠰᠯᠠᠨ ᠪ ∙ ᠨᠣᠮᠢᠨᠳᠠᠯᠠᠢ᠂ ᠰᠤᠮᠤ ᠶᠢᠨ ᠵᠠᠭᠠᠨ ᠰ∙ᠮᠠᠶᠢᠨᠪᠠᠶᠠᠷ ᠨᠠᠷ ᠤᠨ ᠲᠠᠪᠤᠨ ᠪᠥᠬᠡ ᠶᠢ ᠡᠨᠡ ᠵᠢᠯ ᠦᠨ ᠨᠠᠭᠠᠳᠤᠮ ᠢᠶᠠᠷ ᠪᠠᠷᠢᠯᠳᠤᠭᠤᠯᠬᠤ ᠦᠭᠡᠢ ᠭᠡᠵᠦ ᠪᠦᠬᠡᠴᠢᠳ ᠡᠰᠡᠷᠭᠦᠴᠡᠵᠡᠢ᠃

ᠤᠯᠤᠰ ᠤᠨ ᠠᠪᠤᠷᠭᠤ ᠴ∙ᠰᠠᠩᠵᠠᠶᠢᠳᠠᠮᠪᠠ᠄ ᠦᠨᠳᠦᠰᠦᠨ ᠦ ᠪᠥᠬᠡ ᠶᠢᠨ ᠬᠣᠯᠪᠣᠭᠠᠨ ᠤ ᠬᠢᠨ ᠰᠡᠷᠭᠦᠭᠡᠰᠢ ᠬᠡᠷᠡᠭᠯᠡᠭᠰᠡᠨ ᠪᠦᠬᠡᠴᠢᠳ ᠢ ᠪᠠᠷᠢᠯᠳᠤᠭᠤᠯᠤᠨ᠎ᠠ ᠭᠡᠵᠦ ᠪᠠᠶᠢᠨ᠎ᠠ᠃ 5-6 ᠬᠦᠮᠦᠨ ᠦ ᠡᠷᠬᠡ ᠠᠰᠢᠭ ᠤᠨ ᠲᠥᠯᠥᠭᠡ 1000 ᠭᠠᠷᠤᠢ ᠪᠦᠬᠡᠴᠢᠳ ᠦᠨ ᠡᠷᠬᠡ ᠠᠰᠢᠭ ᠢ ᠬᠥᠨᠳᠡᠵᠦ᠂ ᠰᠢᠢᠳᠪᠦᠷᠢ ᠭᠠᠷᠭᠠᠭᠰᠠᠨ ᠳᠤ ᠪᠢᠳᠡ ᠡᠰᠡᠷᠭᠦᠴᠡᠵᠦ ᠪᠠᠶᠢᠨ᠎ᠠ᠃ ᠠᠪᠤᠷᠭᠤ ᠴᠣᠯᠠ ᠲᠠᠢ ᠬᠦᠮᠦᠨ ᠦ ᠬᠤᠪᠢ ᠳᠤ ᠪᠦᠬᠡᠴᠢᠳ ᠮᠠᠨᠢ ᠬᠣᠷᠢᠭ᠎ᠠ ᠲᠠᠢ ᠡᠮ ᠪᠡᠯᠡᠳᠦᠮᠡᠯ ᠬᠡᠷᠡᠭᠯᠡᠬᠦ ᠦᠭᠡᠢ ᠪᠠᠶᠢᠬᠤ ᠶᠢ ᠤᠷᠢᠶᠠᠯᠠᠵᠤ ᠪᠠᠶᠢᠨ᠎ᠠ ᠭᠡᠵᠦ ᠬᠡᠯᠡᠯ᠎ᠡ᠃

ᠰᠡᠳᠬᠢᠭᠳᠡᠯ ᠦᠯᠡᠳᠡᠭᠡᠬᠦ