ᠳᠠᠭᠤᠴᠢᠨ ᠲ∙ᠠᠷᠢᠭᠤᠨ᠎ᠠ ︽ᠲᠩᠷᠢ ᠰᠢᠭ ᠪᠠᠢ︾ ᠲᠣᠭᠯᠠᠯᠲᠠ ᠪᠠᠨ ᠬᠢᠨ᠎ᠡ | News.MN

ᠳᠠᠭᠤᠴᠢᠨ ᠲ∙ᠠᠷᠢᠭᠤᠨ᠎ᠠ ︽ᠲᠩᠷᠢ ᠰᠢᠭ ᠪᠠᠢ︾ ᠲᠣᠭᠯᠠᠯᠲᠠ ᠪᠠᠨ ᠬᠢᠨ᠎ᠡ

ᠮᠣᠩᠭᠣᠯ ᠤᠯᠤᠰ ᠤᠨ ᠭᠠᠪᠢᠶᠠᠲᠤ ᠵᠦᠴᠦᠭᠡᠴᠢᠨ᠂ ᠳᠠᠭᠤᠴᠢᠨ ᠲ∙ᠠᠷᠢᠭᠤᠨ᠎ᠠ ᠢᠷᠡᠬᠦ ᠠᠷᠪᠠᠨ ᠨᠢᠭᠡᠳᠦᠭᠡᠷ ᠰᠠᠷ᠎ᠠ ᠳᠤ ︽ᠲᠩᠷᠢ ᠰᠢᠭ ᠪᠠᠢ︾ ᠬᠡᠮᠡᠬᠦ ᠥᠪᠡᠷ ᠦᠨ ᠪᠡᠶ᠎ᠡ ᠳᠠᠭᠠᠭᠠᠭᠰᠠᠨ ᠲᠣᠭᠯᠠᠯᠲᠠ ᠪᠠᠷ ᠢᠶᠠᠨ ᠹᠧᠨ ᠨᠦᠭᠦᠳ ︵ᠰᠢᠲᠦᠭᠴᠢᠳ︶ ᠲᠡᠭᠡᠨ ᠪᠡᠯᠡᠭ ᠪᠠᠷᠢᠬᠤ ᠨᠢ ᠡ᠃  ᠲᠡᠷᠡ ᠢᠷᠠᠭᠤ ᠨᠠᠶᠢᠷᠠᠭᠴᠢ ᠣ᠊∙ᠳᠠᠰᠢᠪᠠᠯᠪᠠᠷ ᠠᠭᠰᠠᠨ ᠤ ︽ᠲᠩᠷᠢ ᠰᠢᠭ ᠪᠠᠢ︾ ᠰᠢᠯᠦᠭ ᠢᠶᠡᠷ ᠳᠠᠭᠤᠤ ᠬᠢᠵᠦ᠂ ᠲᠤᠩ ᠤᠳᠠᠬᠤ ᠦᠭᠡᠢ ᠰᠢᠨᠡᠬᠡᠨ ᠤᠷᠠᠨ ᠪᠦᠲᠦᠭᠡᠯ ᠢᠶᠡᠨ ᠠᠷᠠᠳ ᠲᠦᠮᠡᠨ ᠳᠦ ᠪᠡᠨ ᠬᠦᠷᠭᠡᠬᠦ ᠭᠡᠨ᠎ᠡ᠃ ᠮᠣᠩᠭᠣᠯ ᠤᠨ ᠨᠡᠷᠡᠲᠦ ᠢᠷᠠᠭᠤ ᠨᠠᠶᠢᠷᠠᠭᠴᠢ ᠣ᠊∙ᠳᠠᠰᠢᠪᠠᠯᠪᠠᠷ ᠤᠨ ᠠᠯᠳᠠᠷ ᠲᠠᠢ ︽ᠲᠩᠷᠢ ᠰᠢᠭ ᠪᠠᠢ︾ ᠰᠢᠯᠦᠭ ᠦᠨ ᠨᠡᠷ᠎ᠡ ᠪᠡᠷ ᠥᠪᠡᠷ ᠦᠨ ᠲᠣᠭᠯᠠᠯᠲᠠ ᠪᠠᠨ ᠨᠡᠷᠡᠯᠡᠭᠰᠡᠨ ᠨᠢ ᠬᠦᠮᠦᠰ ᠦᠨ ᠠᠩᠬᠠᠷᠤᠯ ᠢ ᠶᠡᠬᠡᠳᠡ ᠲᠠᠲᠠᠵᠤ ᠪᠠᠶᠢᠭ᠎ᠠ ᠶᠤᠮ᠃

ᠳᠠᠭᠤᠴᠢᠨ ᠲ∙ᠠᠷᠢᠭᠤᠨ᠎ᠠ ᠥᠩᠭᠡᠷᠡᠭᠴᠢ ᠳᠥᠷᠪᠡ᠂ ᠲᠠᠪᠤᠳᠤᠭᠠᠷ ᠰᠠᠷ᠎ᠠ ᠳᠤ ᠧᠦ᠋ᠷᠣᠫᠠ ᠶᠢᠨ ᠣᠷᠣᠨ ᠨᠤᠭᠤᠳ ᠢᠶᠠᠷ ᠠᠶᠠᠯᠠᠨ ᠲᠣᠭᠯᠠᠯᠲᠠ ᠬᠢᠭᠡᠳ ᠢᠷᠡᠭᠰᠡᠨ ᠪᠢᠯᠡ᠃ ᠲᠣᠳᠣᠷᠠᠭᠤᠯᠪᠠᠯ᠂ ᠭᠧᠷᠮᠠᠨ᠂ ᠪᠧᠯᠬᠢ᠂ ᠹᠷᠠᠨᠼᠢ᠂ ᠴᠸᠬᠤ᠋᠂ ᠠᠦ᠋ᠰᠲᠷᠢᠶ᠎ᠠ᠂ ᠰᠸᠸᠳ᠋ᠸᠨ᠂ ᠠᠩᠭᠯᠢ ᠵᠡᠷᠭᠡ ᠣᠷᠣᠨ ᠨᠤᠭᠤᠳ ᠢᠶᠠᠷ ᠠᠶᠠᠯᠠᠨ ᠲᠣᠭᠯᠠᠯᠲᠠ ᠪᠠᠨ ᠬᠢᠭᠰᠡᠨ ᠪᠢᠯᠡ᠃ ᠭᠠᠯ ᠴᠣᠭ ᠲᠠᠢ ᠡᠷᠴᠢ ᠬᠦᠴᠦ ᠪᠡᠷ ᠢᠶᠡᠨ ᠦᠷᠭᠦᠯᠵᠢ ᠹᠧᠨ ᠨᠦᠭᠦᠳ ᠢᠶᠡᠨ ᠪᠠᠶᠢᠯᠳᠤᠨ ᠳᠠᠭᠠᠭᠤᠯᠳᠠᠭ ᠲᠡᠭᠦᠨ ᠦ ᠡᠨᠡ ᠤᠳᠠᠭ᠎ᠠ ᠶᠢᠨ ᠲᠣᠭᠯᠠᠯᠲᠠ ᠶᠢ ᠦᠨᠡᠨᠴᠢ ᠹᠧᠨ ᠨᠦᠭᠦᠳ ᠨᠢ ᠲᠡᠰᠦᠨ ᠶᠠᠳᠠᠨ ᠬᠦᠯᠢᠶᠡᠵᠦ ᠰᠠᠭᠤᠨ᠎ᠠ᠃

ᠰᠡᠳᠬᠢᠭᠳᠡᠯ ᠦᠯᠡᠳᠡᠭᠡᠬᠦ