ᠶᠡᠷᠦᠩᠬᠡᠶᠢᠯᠡᠭᠴᠢ WHO ᠤᠨ ᠲᠥᠯᠥᠭᠡᠯᠡᠭᠴᠢᠳ ᠢ ᠬᠦᠯᠢᠶᠡᠨ ᠠᠪᠴᠤ ᠠᠭᠤᠯᠵᠠᠪᠠ | News.MN

ᠶᠡᠷᠦᠩᠬᠡᠶᠢᠯᠡᠭᠴᠢ WHO ᠤᠨ ᠲᠥᠯᠥᠭᠡᠯᠡᠭᠴᠢᠳ ᠢ ᠬᠦᠯᠢᠶᠡᠨ ᠠᠪᠴᠤ ᠠᠭᠤᠯᠵᠠᠪᠠ

ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ ᠥᠨᠥᠳᠥᠷ ᠳᠡᠯᠡᠬᠡᠢ ᠶᠢᠨ ᠡᠷᠡᠭᠦᠯ ᠮᠡᠨᠳᠦ ᠶᠢᠨ ᠪᠠᠶᠢᠭᠤᠯᠤᠯᠭ᠎ᠠ ᠶᠢᠨ ᠨᠣᠮᠣᠬᠠᠨ ᠳᠠᠯᠠᠢ ᠶᠢᠨ ᠪᠠᠷᠠᠭᠤᠨ ᠪᠥᠰᠡ ᠶᠢᠨ ᠵᠠᠬᠢᠷᠤᠯ ᠲᠠᠺᠠᠰᠢ ᠺᠠᠰᠠᠢ᠂ ᠳᠡᠯᠡᠬᠡᠢ ᠶᠢᠨ ᠡᠷᠡᠭᠦᠯ ᠮᠡᠨᠳᠦ ᠶᠢᠨ ᠪᠠᠶᠢᠭᠤᠯᠤᠯᠭ᠎ᠠ ᠶᠢᠨ ᠮᠣᠩᠭᠣᠯ ᠤᠯᠤᠰ ᠳᠠᠬᠢ ᠰᠠᠭᠤᠷᠢᠨ ᠲᠥᠯᠥᠭᠡᠯᠡᠭᠴᠢ ᠰᠸᠷᠭᠸᠢ  ᠳ᠋ᠢᠤᠷᠳᠢᠴᠠ ᠨᠠᠷ ᠤᠨ ᠲᠥᠯᠥᠭᠡᠯᠡᠭᠴᠢᠳ ᠢ ᠬᠦᠯᠢᠶᠡᠨ ᠠᠪᠴᠤ ᠠᠭᠤᠯᠵᠠᠯ᠎ᠠ᠃ ᠠᠭᠤᠯᠵᠠᠯᠲᠠ ᠶᠢᠨ ᠡᠬᠢᠨ ᠳᠦ ᠶᠡᠷᠦᠩᠬᠡᠶᠢᠯᠡᠭᠴᠢ ᠬ∙ᠪᠠᠲᠤᠲᠤᠯᠭ᠎ᠠ ᠮᠣᠩᠭᠣᠯ ᠤᠯᠤᠰ ᠂ ᠳᠡᠯᠡᠬᠡᠢ ᠶᠢᠨ ᠡᠷᠡᠭᠦᠯ ᠮᠡᠨᠳᠦ ᠶᠢᠨ ᠪᠠᠶᠢᠭᠤᠯᠤᠯᠭ᠎ᠠ ᠶᠢᠨ ᠬᠠᠷᠢᠯᠴᠠᠭ᠎ᠠ᠂ ᠬᠠᠮᠲᠤ ᠶᠢᠨ ᠠᠵᠢᠯᠯᠠᠭᠠᠨ ᠳᠤ ᠰᠡᠳᠬᠢᠯ ᠬᠠᠩᠭᠠᠯᠤᠭᠤᠨ ᠶᠠᠪᠤᠳᠠᠭ ᠢᠶᠠᠨ ᠢᠯᠡᠷᠬᠡᠶᠢᠯᠡᠭᠡᠳ ᠰᠢᠨ᠎ᠡ ᠪᠡᠷ ᠲᠣᠮᠢᠯᠠᠭᠳᠠᠭᠰᠠᠨ ᠲᠠᠺᠠᠰᠢ ᠺᠠᠰᠠᠢ ᠳᠤ ᠠᠵᠢᠯ ᠤᠨ ᠠᠮᠵᠢᠯᠲᠠ ᠬᠦᠰᠡᠯ᠎ᠡ᠃

ᠲᠠᠺᠠᠰᠢ ᠺᠠᠰᠠᠢ ᠮᠣᠩᠭᠣᠯ ᠤᠯᠤᠰ ᠲᠤ ᠠᠩᠬ᠎ᠠ ᠤᠳᠠᠭ᠎ᠠ ᠢᠷᠡᠵᠦ ᠪᠠᠶᠢᠭ᠎ᠠ ᠲᠤᠯᠠ ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ ᠮᠣᠩᠭᠣᠯ ᠤᠯᠤᠰ᠂ ᠳᠡᠯᠡᠬᠡᠢ ᠶᠢᠨ ᠡᠷᠡᠭᠦᠯ ᠮᠡᠨᠳᠦ ᠶᠢᠨ ᠪᠠᠶᠢᠭᠤᠯᠤᠯᠭ᠎ᠠ ᠶᠢᠨ ᠢᠷᠡᠬᠦ ᠲᠠᠪᠤᠨ ᠵᠢᠯ ᠦᠨ ᠬᠠᠮᠲᠤ ᠶᠢᠨ ᠠᠵᠢᠯᠯᠠᠭᠠᠨ ᠤ ᠪᠣᠳᠣᠯᠭ᠎ᠠ ᠶᠢᠨ ᠪᠠᠷᠢᠮᠲᠠ ᠪᠢᠴᠢᠭ ᠲᠦ ᠲᠤᠰᠬᠠᠬᠤ ᠱᠠᠭᠠᠷᠳᠠᠯᠭ᠎ᠠ ᠲᠠᠢ ᠭᠡᠵᠦ ᠦᠵᠡᠭᠰᠡᠨ ᠬᠦᠮᠦᠨ ᠠᠮᠠ ᠳᠤᠮᠳᠠ ᠵᠣᠩᠬᠢᠯᠠᠨ ᠲᠣᠬᠢᠶᠠᠯᠳᠤᠵᠤ ᠪᠤᠢ ᠡᠪᠡᠳᠴᠢᠨ᠂ ᠤᠴᠢᠷ ᠰᠢᠯᠲᠠᠭᠠᠨ ᠤ  ᠲᠠᠯ᠎ᠠ  ᠪᠠᠷ ᠶᠡᠷᠦᠩᠬᠡᠢ ᠮᠡᠳᠡᠭᠡᠯᠡᠯ ᠢ ᠥᠭᠪᠡ᠃ ᠡᠭᠦᠨ ᠳᠦ᠂ ᠬᠠᠯᠳᠠᠪᠤᠷᠢᠲᠤ ᠡᠪᠡᠳᠴᠢᠨ᠂ ᠠᠮᠢ ᠪᠠᠨ ᠬᠤᠤᠷᠯᠠᠬᠤ᠂ ᠬᠠᠪᠤᠳᠠᠷ᠂ ᠪᠡᠯᠭᠡ ᠶᠢᠨ ᠵᠠᠮ ᠤᠨ ᠡᠪᠡᠳᠴᠢᠯᠡᠯ᠂ ᠰᠢᠳᠦᠨ ᠦ ᠡᠪᠡᠳᠴᠢᠨ ᠨᠡᠮᠡᠭᠳᠡᠵᠦ ᠪᠤᠢ ᠶᠢ ᠳᠤᠷᠠᠳᠤᠭᠠᠳ ᠠᠭᠠᠷ ᠤᠨ ᠪᠤᠬᠢᠷᠳᠤᠯ ᠶᠡᠬᠡ ᠲᠡᠢ᠂ ᠬᠦᠨᠡᠰᠦᠨ ᠦ  ᠠᠶᠤᠯᠭᠦᠢ ᠪᠠᠶᠢᠳᠠᠯ ᠮᠠᠭᠤ᠂ ᠤᠷᠢᠳᠴᠢᠯᠠᠨ ᠰᠡᠷᠭᠡᠶᠢᠯᠡᠯᠲᠡ ᠳᠤᠲᠠᠮᠠᠭ ᠵᠡᠷᠭᠡ ᠤᠴᠢᠷ ᠰᠢᠯᠲᠠᠭᠠᠨ ᠢ ᠲᠣᠳᠣᠷᠬᠠᠢ ᠳᠤᠷᠠᠳᠪᠠ᠃ ᠲᠤᠬᠠᠶᠢᠯᠠᠪᠠᠯ᠂ ᠠᠭᠠᠷ ᠤᠨ ᠪᠤᠬᠢᠷᠳᠤᠯ ᠨᠢ ᠠᠵᠢᠯ ᠦᠭᠡᠶᠢᠳᠡᠯ᠂ ᠶᠠᠳᠠᠭᠤᠷᠠᠯ ᠠᠴᠠ ᠡᠭᠦᠳᠦᠯᠲᠡᠢ᠂ ᠬᠠᠪᠤᠳᠠᠷ ᠨᠢ ᠬᠣᠭᠣᠯᠠ ᠬᠦᠨᠡᠰᠦᠨ ᠦ ᠴᠢᠨᠠᠷ᠂ ᠪᠠᠲᠤᠯᠠᠭ᠎ᠠ ᠦᠭᠡᠢ ᠪᠠᠶᠢᠳᠠᠯ ᠲᠠᠢ ᠬᠣᠯᠪᠣᠭ᠎ᠠ ᠲᠠᠢ ᠴᠤ ᠵᠠᠰᠠᠭ ᠤᠨ ᠭᠠᠵᠠᠷ᠂ ᠤᠯᠤᠰ ᠤᠨ ᠶᠡᠬᠡ ᠬᠤᠷᠠᠯ ᠲᠣᠳᠣᠷᠬᠠᠢ ᠪᠣᠳᠣᠯᠭ᠎ᠠ ᠭᠠᠷᠭᠠᠬᠤ ᠦᠭᠡᠢ ᠪᠠᠶᠢᠭ᠎ᠠ ᠲᠤᠯᠠ ᠳᠡᠯᠡᠬᠡᠢ ᠶᠢᠨ ᠡᠷᠡᠭᠦᠯ ᠮᠡᠨᠳᠦ ᠶᠢᠨ ᠪᠠᠶᠢᠭᠤᠯᠤᠯᠭ᠎ᠠ ᠶᠢᠨ ᠲᠠᠶᠢᠯᠤᠨ ᠳ᠋ᠦᠩᠨᠡᠯᠲᠡ ᠳᠦ ᠲᠣᠳᠣᠷᠬᠠᠢ ᠰᠤᠳᠤᠯᠭᠠᠨ ᠰᠢᠨᠵᠢᠯᠡᠭᠡᠨ ᠲᠡᠢ ᠳᠤᠷᠠᠳᠴᠤ᠂ ᠬᠠᠮᠲᠤ ᠶᠢᠨ ᠠᠵᠢᠯᠯᠠᠭᠠᠨ ᠤ ᠭᠣᠣᠯ ᠴᠥᠮ᠎ᠡ ᠪᠣᠯᠭᠠᠬᠤ ᠶᠢ ᠬᠦᠰᠡᠯ᠎ᠡ᠃

 

ᠰᠡᠳᠬᠢᠭᠳᠡᠯ ᠦᠯᠡᠳᠡᠭᠡᠬᠦ