ᠨᠢᠮᠠᠳᠣᠷᠵᠢ ᠰᠠᠶᠢᠳ ᠶᠠᠮᠤᠨ ᠳᠡᠭᠡᠷ᠎ᠡ ᠪᠡᠨ 14 ᠬᠣᠨᠣᠭ ᠢᠷᠡᠭᠡ ᠦᠭᠡᠢ | News.MN

ᠨᠢᠮᠠᠳᠣᠷᠵᠢ ᠰᠠᠶᠢᠳ ᠶᠠᠮᠤᠨ ᠳᠡᠭᠡᠷ᠎ᠡ ᠪᠡᠨ 14 ᠬᠣᠨᠣᠭ ᠢᠷᠡᠭᠡ ᠦᠭᠡᠢ

︽ᠴ∙ᠨᠢᠮᠠᠳᠣᠷᠵᠢ ᠶᠢ ᠤᠭᠴᠠᠷᠠᠭᠤᠯᠬᠤ ᠬᠥᠳᠡᠯᠭᠡᠭᠡᠨ︾ ᠍ ᠦ ᠲᠡᠷᠢᠭᠦᠨ ᠲ∙ᠡᠩᠬᠡᠰᠠᠶᠢᠬᠠᠨ ᠥᠨᠥᠳᠥᠷ ︵06.24 ︶ ᠮᠡᠳᠡᠭᠡᠯᠡᠯ ᠬᠢᠯ᠎ᠡ᠃ ᠲᠡᠷᠡ᠄ ᠪᠢ ᠬᠠᠤᠯᠢ ᠵᠦᠢ ᠳᠣᠲᠣᠭᠠᠳᠤ ᠬᠡᠷᠡᠭ ᠦᠨ ᠰᠠᠶᠢᠳ ᠴ∙ᠨᠢᠮᠠᠳᠣᠷᠵᠢ ᠭᠡᠳᠡᠭ ᠬᠦᠮᠦᠨ ᠢ ᠤᠭᠴᠠᠷᠠᠭᠤᠯᠵᠤ ᠥᠭ ᠭᠡᠵᠦ ᠲᠡᠮᠡᠴᠡᠵᠦ ᠶᠠᠪᠤᠭ᠎ᠠ ᠬᠦᠮᠦᠨ᠃ ᠡᠨᠡ ᠬᠤᠭᠤᠴᠠᠭᠠᠨ ᠳᠤ ᠪᠢ ᠮᠤᠩᠭᠤᠯ ᠠᠷᠠᠳ ᠤᠨ ᠨᠠᠮ ᠤᠨ ᠡᠰᠡᠷᠭᠦ ᠣᠭᠲᠣ ᠶᠠᠭᠤᠮ᠎ᠠ ᠶᠠᠷᠢᠵᠤ ᠪᠠᠶᠢᠭ᠎ᠠ ᠦᠭᠡᠢ᠃ ᠭᠡᠲᠡᠯ᠎ᠡ ᠮᠣᠩᠭᠣᠯ ᠤᠯᠤᠰ ᠤᠨ ᠲᠥᠷᠥ ᠵᠠᠰᠠᠭ ᠢ ᠤᠳᠤᠷᠢᠳᠴᠤ ᠪᠠᠶᠢᠭ᠎ᠠ ᠡᠨᠡ ᠨᠠᠮ ᠦᠨᠡᠨ ᠢ ᠬᠡᠯᠡᠭᠰᠡᠨ ᠢᠷᠭᠡᠳ ᠦᠨ ᠢᠶᠡᠨ ᠡᠰᠡᠷᠭᠦ ᠤᠯᠤᠰ ᠲᠥᠷᠥ ᠶᠢᠨ ᠬᠥᠳᠡᠯᠭᠡᠭᠡᠨ ᠪᠠᠶᠢᠭᠤᠯᠤᠨ᠎ᠠ ᠭᠡᠰᠡᠨ ᠨᠢ ᠭᠠᠶᠢᠬᠠᠰᠢᠷᠠᠯ ᠲᠥᠷᠦᠭᠦᠯᠵᠦ ᠪᠠᠶᠢᠨ᠎ᠠ᠃

ᠲᠡᠶᠢᠮᠦ ᠡᠴᠡ ᠮᠤᠩᠭᠤᠯ ᠠᠷᠠᠳ ᠤᠨ ᠨᠠᠮ ᠤᠨ ᠬᠢᠨ ᠳᠤ  ᠬᠠᠨᠳᠤᠵᠤ ᠮᠡᠳᠡᠭᠳᠡᠯ ᠭᠠᠷᠭᠠᠵᠤ ᠪᠠᠶᠢᠨ᠎ᠠ᠃ ᠠᠷᠠᠳᠴᠢᠯᠠᠭᠰᠠᠨ ᠰᠠᠭᠤᠷᠢ ᠲᠠᠢ ᠨᠡᠶᠢᠭᠡᠮ ᠳᠦ ᠺᠤᠮᠮᠤᠨᠢᠰᠲ ᠤᠳ ᠪᠤᠶᠤ ᠮᠤᠩᠭᠤᠯ ᠠᠷᠠᠳ ᠤᠨ ᠨᠠᠮ ᠤᠨ ᠬᠢᠨ 26 ᠵᠢᠯ ᠦᠨ ᠲᠤᠷᠰᠢ ᠲᠥᠷᠥ ᠶᠢ ᠤᠳᠤᠷᠢᠳᠴᠤ ᠪᠠᠶᠢᠨ᠎ᠠ᠃ ᠬᠠᠷᠢᠨ ᠮᠣᠩᠭᠣᠯ ᠤᠨ ᠠᠷᠠᠳ ᠲᠦᠮᠡᠨ ᠦ ᠠᠮᠢᠳᠤᠷᠠᠯ ᠡᠳᠦᠷ ᠢᠷᠡᠬᠦ ᠲᠤᠰᠤᠮ ᠳᠣᠷᠣᠶᠢᠳᠠᠵᠤ᠂ ᠦᠨᠳᠦᠰᠦᠨ ᠦ ᠠᠶᠤᠯᠭᠦᠢ ᠪᠠᠶᠢᠳᠠᠯ ᠠᠯᠳᠠᠭᠳᠠᠬᠤ ᠳᠤ ᠬᠦᠷᠴᠦ ᠪᠠᠶᠢᠨ᠎ᠠ᠃ 2016 ᠣᠨ ᠳᠤ ᠭᠡᠬᠦ ᠳᠦ ᠠᠷᠠᠳ ᠲᠦᠮᠡᠨ ᠮᠤᠩᠭᠤᠯ ᠠᠷᠠᠳ ᠤᠨ ᠨᠠᠮ᠍ ᠳᠦ ᠢᠲᠡᠭᠡᠯ ᠦᠵᠡᠭᠦᠯᠵᠦ ᠰᠣᠩᠭᠣᠭᠰᠠᠨ᠃ ᠭᠡᠬᠦ ᠳᠦ ᠪᠡᠨ ᠡᠨᠡ ᠨᠠᠮ ᠪᠣᠯ ᠰᠣᠩᠭᠣᠭᠤᠯᠢ ᠶᠢᠨ ᠦᠷ᠎ᠡ ᠳ᠋ᠦᠩ ᠢᠶᠡᠷ ᠭᠠᠷᠴᠤ ᠢᠷᠡᠭᠰᠡᠨ᠃ ᠰᠣᠩᠭᠣᠭᠤᠯᠢ ᠶᠠᠮᠠᠷ ᠪᠤᠳᠤᠯᠢᠶᠠᠨ ᠲᠠᠢ ᠶᠠᠪᠤᠭᠰᠠᠨ ᠢ ᠪᠢᠳᠡ ᠮᠡᠳᠡᠬᠦ ᠦᠭᠡᠢ᠃  ᠮᠤᠩᠭᠤᠯ ᠠᠷᠠᠳ ᠤᠨ ᠨᠠᠮ ᠤᠨ ᠤᠯᠤᠰ ᠤᠨ ᠶᠡᠬᠡ ᠬᠤᠷᠠᠯ ᠤᠨ 49 ᠭᠡᠰᠢᠭᠦᠨ ᠵᠢᠵᠢᠭ ᠳᠤᠮᠳᠠ ᠦᠢᠯᠡᠳᠪᠦᠷᠢᠯᠡᠯ ᠢ ᠬᠥᠭᠵᠢᠭᠦᠯᠬᠦ ᠰᠠᠩ ᠠᠴᠠ  ᠵᠢᠭᠡᠯᠡ ᠠᠪᠴᠢᠬᠠᠭᠠᠳ ᠣᠳᠣ ᠬᠦᠷᠲᠡᠯ᠎ᠡ ᠬᠠᠷᠢᠭᠤᠴᠠᠯᠭ᠎ᠠ ᠬᠦᠯᠢᠶᠡᠭᠡ ᠦᠭᠡᠢ᠂ ᠮ∙ᠡᠩᠬᠡᠪᠣᠯᠤᠳ ᠴᠤ ᠤᠯᠤᠰ ᠤᠨ ᠶᠡᠬᠡ ᠬᠤᠷᠠᠯ ᠤᠨ ᠭᠡᠰᠢᠭᠦᠨ ᠬᠡᠪ ᠢᠶᠡᠷ ᠢᠶᠡᠨ ᠪᠠᠶᠢᠨ᠎ᠠ᠃ ᠮᠥᠨ ᠴ∙ᠨᠢᠮᠠᠳᠣᠷᠵᠢ ᠲᠡᠷᠢᠭᠦᠲᠡᠢ ᠤᠯᠤᠰ ᠤᠨ ᠶᠡᠬᠡ ᠬᠤᠷᠠᠯ ᠤᠨ ᠭᠡᠰᠢᠭᠦᠳ ᠬᠥᠭᠡᠭᠡᠨ ᠬᠡᠯᠡᠯᠴᠡᠬᠦ ᠬᠤᠭᠤᠴᠠᠭ᠎ᠠ ᠶᠢ ᠰᠠᠨᠠᠭ᠎ᠠ ᠲᠠᠢ ᠪᠠᠷ ᠪᠤᠳᠤᠯᠢᠭᠤᠯᠵᠤ᠂ ᠠᠪᠯᠢᠭᠠᠴᠢᠳ ᠢᠶᠠᠨ ᠰᠤᠯᠠᠯᠠᠭᠤᠯᠤᠭᠰᠠᠨ᠃ ᠢᠷᠭᠡᠳ ᠤᠷᠤᠭᠤ ᠪᠡᠨ ᠨᠢᠯᠪᠤᠭᠰᠠᠨ ᠣᠯᠠᠨ ᠦᠢᠯᠡᠳᠦᠯ ᠭᠠᠷᠭᠠᠵᠤ ᠪᠠᠶᠢᠭ᠎ᠠ ᠲᠠᠨ ᠤ ᠨᠠᠮ ᠢ 2020 ᠣᠨ ᠳᠤ ᠮᠣᠩᠭᠣᠯ ᠤᠨ ᠠᠷᠠᠳ ᠲᠦᠮᠡᠨ ᠳᠠᠬᠢᠵᠤ ᠰᠣᠩᠭᠣᠬᠤ ᠦᠭᠡᠢ᠃ ᠲᠡᠶᠢᠮᠦ ᠡᠴᠡ ᠮᠣᠩᠭᠣᠯ ᠤᠨ ᠲᠥᠷᠥ ᠡᠴᠡ ᠰᠠᠪᠠᠷ ᠢᠶᠠᠨ ᠬᠤᠷᠳᠤᠨ ᠲᠠᠲᠠᠵᠤ ᠠᠪᠬᠤ ᠶᠢ ᠱᠠᠭᠠᠷᠳᠠᠵᠤ ᠪᠠᠶᠢᠨ᠎ᠠ᠃ ᠮᠣᠩᠭᠣᠯ ᠤᠨ ᠢᠷᠡᠭᠡᠳᠦᠢ ᠶᠢᠨ ᠲᠥᠯᠥᠭᠡ ᠡᠬᠡ ᠣᠷᠣᠨᠴᠢ ᠰᠡᠳᠬᠢᠯ ᠭᠠᠷᠭᠠᠵᠤ᠂ ᠤᠯᠤᠰ ᠤᠨ ᠶᠡᠬᠡ ᠬᠤᠷᠠᠯ ᠪᠦᠷᠢᠨ ᠪᠦᠷᠢᠯᠳᠦᠬᠦᠨ ᠢᠶᠡᠷ ᠢᠶᠡᠨ ᠤᠭᠴᠠᠷᠠᠬᠤ  ᠶᠢ ᠱᠠᠭᠠᠷᠳᠠᠵᠤ ᠪᠠᠶᠢᠨ᠎ᠠ ᠭᠡᠯ᠎ᠡ᠃

ᠰᠡᠳᠬᠢᠭᠳᠡᠯ ᠦᠯᠡᠳᠡᠭᠡᠬᠦ