ᠬᠥᠪᠰᠥᠭᠥᠯ ᠢ ᠬᠠᠮᠠᠭᠠᠯᠠᠬᠤ ᠬᠦᠰᠡᠯᠲᠡ  ᠭᠠᠷᠭᠠᠵᠠᠢ  | News.MN

ᠬᠥᠪᠰᠥᠭᠥᠯ ᠢ ᠬᠠᠮᠠᠭᠠᠯᠠᠬᠤ ᠬᠦᠰᠡᠯᠲᠡ  ᠭᠠᠷᠭᠠᠵᠠᠢ 

ᠣᠯᠠᠨ ᠤᠯᠤᠰ ᠤᠨ ᠪᠠᠶᠢᠭᠠᠯᠢ ᠬᠠᠮᠠᠭᠠᠯᠠᠬᠤ ᠪᠠᠶᠢᠭᠤᠯᠤᠯᠭ᠎ᠠ ᠨᠤᠭᠤᠳ ᠶᠤᠨᠧᠰᠺᠤ ᠍ ᠳᠦ ᠬᠠᠨᠳᠤᠨ᠂ ᠬᠥᠪᠰᠥᠭᠥᠯ ᠳᠠᠯᠠᠢ ᠶᠢ ᠬᠠᠮᠠᠭᠠᠯᠠᠬᠤ ᠰᠠᠨᠠᠯ ᠭᠠᠷᠭᠠᠵᠠᠢ᠃  ᠪᠠᠶᠢᠭᠠᠯᠢ ᠶᠢᠨ ᠴᠤᠭᠴᠠᠯᠠᠪᠤᠷᠢᠲᠤ ᠭᠠᠵᠠᠷ ᠭᠡᠳᠡᠭ ᠤᠳᠬ᠎ᠠ ᠪᠠᠷ ᠨᠢ ᠂ ᠳᠡᠯᠡᠬᠡᠢ ᠶᠢᠨ ᠪᠠᠶᠢᠭᠠᠯᠢ ᠶᠢᠨ ᠥᠪᠡᠷᠮᠢᠴᠡ ᠲᠣᠭᠲᠠᠴᠠ ᠭᠡᠳᠡᠭ ᠠᠩᠭᠢᠯᠠᠯ ᠢᠶᠠᠷ ᠬᠠᠮᠠᠭᠠᠯᠠᠯᠲᠠ ᠳᠤ ᠠᠪᠬᠤ ᠶᠢ ᠪᠠᠶᠢᠭᠠᠯᠢ ᠬᠠᠮᠠᠭᠠᠯᠠᠬᠤ ᠪᠠᠶᠢᠭᠤᠯᠤᠯᠭ᠎ᠠ ᠨᠤᠭᠤᠳ ᠬᠦᠰᠡᠭᠰᠡᠨ ᠪᠠᠶᠢᠨ᠎ᠠ᠃
ᠥᠩᠭᠡᠷᠡᠭᠰᠡᠨ ᠵᠢᠯ ᠮᠣᠩᠭᠣᠯ ᠤᠨ ᠨᠤᠲᠤᠭ ᠢᠶᠠᠷ ᠠᠶᠠᠯᠠᠭᠰᠠᠨ ᠭᠠᠳᠠᠭᠠᠳᠤ ᠶᠢᠨ ᠠᠶᠠᠯᠠᠭᠴᠢᠳ ᠬᠥᠪᠰᠥᠭᠥᠯ᠂ ᠡᠮᠦᠨᠡᠭᠣᠪᠢ᠂ ᠲᠥᠪ᠂ ᠵᠠᠪᠬᠠᠨ᠂ ᠭᠣᠪᠢ-ᠠᠯᠲᠠᠢ᠂ ᠪᠠᠶᠠᠨ-ᠥᠯᠥᠭᠡᠢ ᠠᠶᠢᠮᠠᠭ ᠤᠨ ᠨᠤᠲᠤᠭ ᠢᠶᠠᠷ ᠳᠠᠭᠠᠷᠢᠨ ᠥᠩᠭᠡᠷᠡᠬᠦ ᠳᠦ ᠪᠡᠨ ᠬᠥᠪᠰᠥᠭᠥᠯ ᠳᠠᠯᠠᠢ ᠶᠢ ᠬᠠᠮᠠᠭᠠᠯᠠᠯᠲᠠ ᠳᠤ ᠠᠪᠬᠤ ᠲᠠᠯ᠎ᠠ ᠪᠠᠷ ᠡᠶᠢᠨ ᠬᠦ ᠰᠠᠨᠠᠯ ᠢᠶᠠᠨ ᠨᠢᠭᠡᠳᠬᠡᠵᠡᠢ᠃ ᠮᠣᠩᠭᠣᠯ ᠤᠯᠤᠰ ᠤᠨ ᠴᠡᠩᠭᠡᠭ ᠤᠰᠤᠨ ᠤ ᠨᠥᠭᠡᠴᠡ ᠶᠢᠨ 70 ᠭᠠᠷᠤᠢ ᠬᠤᠪᠢ ᠶᠢ ᠬᠠᠳᠠᠭᠠᠯᠠᠳᠠᠭ ᠬᠥᠪᠰᠥᠭᠥᠯ ᠳᠠᠯᠠᠢ᠂ ᠲᠡᠭᠦᠨ ᠦ ᠠᠢ ᠰᠠᠪᠠ ᠶᠢ 1992 ᠣᠨ ᠳᠤ ᠲᠤᠰᠬᠠᠢ ᠬᠠᠮᠠᠭᠠᠯᠠᠯᠲᠠ ᠲᠠᠢ ᠭᠠᠵᠠᠷ ᠨᠤᠲᠤᠭ ᠤᠨ ᠬᠠᠤᠯᠢ ᠳᠤ ᠨᠡᠶᠢᠴᠡᠭᠦᠯᠦᠨ ᠳᠡᠯᠡᠬᠡᠢ ᠶᠢᠨ ᠪᠠᠶᠢᠭᠠᠯᠢ ᠶᠢᠨ ᠴᠣᠭᠴᠠᠯᠠᠪᠤᠷᠢ ᠭᠠᠵᠠᠷ ᠤᠨ ᠠᠩᠭᠢᠯᠠᠯ ᠳᠤ ᠣᠷᠣᠭᠤᠯᠤᠭᠰᠠᠨ ᠪᠠᠶᠢᠳᠠᠭ᠃

ᠰᠡᠳᠬᠢᠭᠳᠡᠯ ᠦᠯᠡᠳᠡᠭᠡᠬᠦ