ᠰᠡᠷᠭᠦᠭᠡᠰᠢ ᠶᠢᠨ ᠲᠥᠷᠥᠯ ᠦᠨ ᠡᠮ ᠪᠡᠯᠡᠳᠦᠮᠡᠯ ᠬᠡᠷᠡᠭᠯᠡᠭᠰᠡᠨ ᠨᠢ ᠪᠦᠭᠦᠳᠠ ᠨᠠᠶᠢᠷᠠᠮᠳᠠᠬᠤ ᠰᠤᠯᠤᠩᠭᠤᠰ ᠤᠯᠤᠰ ᠤᠨ ᠢᠲᠡᠭᠡᠮᠵᠢᠯᠡᠭᠳᠡᠭᠰᠡᠨ ᠯᠠᠪᠤᠷᠠᠲ᠋ᠤᠷᠢ ᠶᠢᠨ ᠰᠢᠨᠵᠢᠯᠡᠭᠡᠨ ᠢᠶᠡᠷ ᠲᠣᠭᠲᠠᠭᠠᠭᠳᠠᠭᠠᠳ ᠪᠠᠶᠢᠭᠰᠠᠨ ᠥ᠊ ∙ ᠪᠠᠲᠤ-ᠤᠷᠤᠰᠢᠬᠤ᠂ ᠪ∙ ᠫᠦᠷᠪᠦᠰᠠᠶᠢᠬᠠᠨ᠂ ᠡ᠊∙ᠳᠠᠰᠢ᠂ ᠪ∙ᠨᠣᠮᠢᠨᠳᠠᠯᠠᠢ᠂ ᠰ∙ᠮᠠᠶᠢᠨᠪᠠᠶᠠᠷ ᠨᠠᠷ ᠤᠨ 5 ᠪᠥᠬᠡ ᠶᠢᠨ ᠪᠠᠷᠢᠯᠳᠤᠬᠤ ᠡᠷᠬᠡ ᠶᠢ ᠰᠠᠶ᠋ᠢᠬᠠᠨ ᠪᠥᠬᠡ ᠶᠢᠨ ᠬᠣᠯᠪᠣᠭᠠᠨ ᠠᠴᠠ ᠰᠡᠷᠭᠦᠭᠡᠵᠡᠢ᠃ ᠲᠡᠳᠡ ᠳᠠᠬᠢᠨ ᠰᠡᠷᠭᠦᠭᠡᠰᠢ ᠬᠡᠷᠡᠭᠯᠡᠬᠦ ᠦᠭᠡᠢ᠂ ᠪᠤᠷᠤᠭᠤᠲᠠᠢ ᠦᠢᠯᠡᠳᠦᠯ ᠢᠶᠡᠨ ᠤᠬᠠᠮᠰᠠᠷᠯᠠᠵᠤ ᠪᠠᠶᠢᠨ᠎ᠠ ᠭᠡᠳᠡᠭ ᠬᠦᠰᠡᠯᠲᠡ ᠶᠢ ᠬᠣᠯᠪᠣᠭᠠᠨ ᠳᠤ ᠪᠠᠨ ᠥᠭᠭᠦᠭᠰᠡᠨ ᠶᠤᠮ ᠪᠠᠶᠢᠨ᠎ᠠ᠃
ᠲᠡᠳᠡᠨ ᠦ ᠪᠠᠷᠢᠯᠳᠤᠬᠤ ᠡᠷᠬᠡ ᠶᠢ 2018 ᠣᠨ ᠤ ᠬᠣᠶᠠᠳᠤᠭᠠᠷ ᠰᠠᠷ᠎ᠠ ᠶᠢᠨ 1 ᠡᠴᠡ 2020 ᠣᠨ ᠤ ᠬᠣᠶᠠᠳᠤᠭᠠᠷ ᠰᠠᠷ᠎ᠠ ᠶᠢᠨ 01 ᠬᠦᠷᠲᠡᠯ᠎ᠡ ᠪᠤᠶᠤ 2 ᠵᠢᠯ ᠢᠶᠡᠷ ᠲᠦᠳᠡᠭᠡᠯᠵᠡᠭᠦᠯᠦᠭᠰᠡᠨ ᠪᠠᠶᠢᠭᠰᠠᠨ᠃ ᠡᠭᠦᠨ ᠦ ᠪᠡᠨ 70 ᠭᠠᠷᠤᠢ ᠬᠤᠪᠢ ᠶᠢ ᠡᠳ᠋ᠯᠡᠭᠰᠡᠨ ᠭᠡᠵᠦ ᠦᠵᠡᠨ᠂ ᠣᠯᠠᠩᠬᠢ ᠶᠢᠨ ᠰᠠᠨᠠᠯ ᠢᠶᠠᠷ ᠲᠡᠳᠡᠨ ᠦ ᠪᠠᠷᠢᠯᠳᠤᠬᠤ ᠡᠷᠬᠡ ᠶᠢ ᠰᠡᠷᠭᠦᠭᠡᠵᠡᠢ᠃