ᠰᠠᠩᠬᠦᠦ ᠶᠢᠨ ᠵᠠᠬ᠎ᠠ ᠵᠡᠭᠡᠯᠢ ᠡᠴᠡ ᠲᠤᠰᠠᠭᠠᠷᠯᠠᠭᠳᠠᠬᠤ ᠡᠷᠡᠰᠳᠡᠯ ᠪᠤᠢ    | News.MN

ᠰᠠᠩᠬᠦᠦ ᠶᠢᠨ ᠵᠠᠬ᠎ᠠ ᠵᠡᠭᠡᠯᠢ ᠡᠴᠡ ᠲᠤᠰᠠᠭᠠᠷᠯᠠᠭᠳᠠᠬᠤ ᠡᠷᠡᠰᠳᠡᠯ ᠪᠤᠢ   

ᠣᠯᠠᠨ ᠤᠯᠤᠰ ᠤᠨ ᠸᠠᠯᠢᠶᠤᠲ ᠤᠨ ᠰᠠᠩ ᠦᠨ ︽ᠦᠷᠭᠡᠳᠬᠡᠭᠰᠡᠨ ᠰᠠᠩᠬᠦᠦᠵᠢᠯᠲᠠ ᠶᠢᠨ ᠬᠥᠲᠥᠯᠪᠦᠷᠢ︾  ᠶᠢᠨ ᠵᠢᠷᠭᠤᠭ᠎ᠠ ᠳ᠋ᠡᠬᠢ ᠱᠠᠲᠤᠨ ᠤ ᠰᠠᠩᠬᠦᠦᠵᠢᠯᠲᠠ ᠬᠣᠶᠢᠰᠢᠯᠠᠭᠳᠠᠭᠠᠳ ᠪᠤᠢ᠃ ᠡᠭᠦᠨ ᠲᠡᠢ ᠬᠤᠯᠪᠤᠭ᠎ᠠ ᠲᠠᠢ ᠪᠠᠷ ᠤᠯᠤᠰ ᠤᠨ ᠶᠡᠬᠡ ᠬᠤᠷᠠᠯ ᠤᠨ ᠲᠥᠰᠥᠪ ᠦᠨ ᠪᠠᠶᠢᠩᠭᠤ ᠶᠢᠨ ᠬᠣᠷᠢᠶᠠᠨ ᠤ ᠳᠠᠷᠤᠭ᠎ᠠ ᠪ∙ᠴᠣᠶᠢᠵᠢᠯᠰᠦ᠋ᠷᠦᠩ ᠪᠠᠶᠢᠷᠢ ᠰᠠᠭᠤᠷᠢ ᠪᠠᠨ ᠢᠯᠡᠷᠬᠡᠶᠢᠯᠡᠪᠡ᠃ ᠲᠡᠷᠡ᠄ ᠣᠯᠠᠨ ᠤᠯᠤᠰ ᠤᠨ ᠸᠠᠯᠢᠶᠤᠲ ᠤᠨ ᠰᠠᠩ ᠦᠨ ᠵᠢᠷᠭᠤᠳᠤᠭᠠᠷ ᠡᠭᠡᠯᠵᠢ ᠶᠢᠨ ᠰᠠᠩᠬᠦᠦᠵᠢᠯᠲᠠ ᠣᠷᠣᠵᠤ ᠢᠷᠡᠬᠦ ᠦᠭᠡᠢ ᠪᠣᠯ ᠡᠳ᠋ ᠦᠨ ᠵᠠᠰᠠᠭ ᠤᠨ ᠦᠵᠡᠭᠦᠯᠦᠯᠲᠡ ᠨᠦᠭᠦᠳ ᠪᠠᠭᠤᠷᠠᠨ᠎ᠠ᠃ ᠭᠡᠬᠦ ᠳᠦ ᠪᠡᠨ 2019᠂ 2020 ᠣᠨ ᠳᠤ ᠲᠦᠯᠦᠬᠦ ᠪᠤᠨᠳ᠋ ᠤᠨ ᠥᠷᠢ ᠪᠠᠶᠢᠬᠤ ᠦᠭᠡᠢ ᠲᠤᠯᠠ ᠡᠨᠡ ᠨᠢ ᠢᠷᠭᠡᠳ ᠦᠨ ᠠᠮᠢᠳᠤᠷᠠᠯ ᠳᠤ ᠨᠢᠭᠡ ᠶᠡᠬᠡ ᠨᠥᠯᠥᠭᠡᠯᠡᠬᠦ ᠦᠭᠡᠢ ᠪᠠᠶᠢᠬᠤ᠃ ᠣᠳᠣ ᠪᠠᠷ ᠵᠠᠰᠠᠭ ᠤᠨ ᠭᠠᠵᠠᠷ ᠰᠠᠩᠬᠦᠦᠵᠢᠯᠲᠠ ᠶᠢ ᠤᠷᠤᠭᠤᠯᠬᠤ ᠲᠠᠯ᠎ᠠ ᠠᠴᠠ ᠣᠯᠠᠨ ᠤᠯᠤᠰ ᠤᠨ ᠸᠠᠯᠢᠶᠤᠲ ᠤᠨ ᠰᠠᠩ ᠲᠠᠢ ᠱᠠᠲᠤ ᠱᠠᠲᠤᠨ ᠤ ᠬᠡᠯᠡᠯᠴᠡᠭᠡᠷ ᠬᠢᠵᠦ ᠪᠠᠶᠢᠭ᠎ᠠ᠃ ᠶᠡᠷᠦ ᠨᠢ ᠣᠯᠠᠨ ᠤᠯᠤᠰ ᠤᠨ ᠸᠠᠯᠢᠶᠤᠲ ᠤᠨ ᠰᠠᠩ ᠦᠨ ᠬᠥᠲᠥᠯᠪᠦᠷᠢ ᠪᠡᠨ ᠠᠮᠵᠢᠯᠲᠠ ᠲᠠᠢ ᠳᠠᠭᠤᠰᠬᠠᠬᠤ ᠦᠭᠡᠢ ᠪᠣᠯ ᠣᠯᠠᠨ ᠤᠯᠤᠰ ᠤᠨ ᠰᠠᠩᠬᠦᠦ ᠶᠢᠨ ᠵᠠᠬ᠎ᠠ ᠵᠡᠭᠡᠯᠢ ᠡᠴᠡ ᠲᠤᠰᠠᠭᠠᠷᠯᠠᠭᠳᠠᠬᠤ ᠡᠷᠡᠰᠳᠡᠯ ᠲᠡᠢ᠃ ᠮᠣᠩᠭᠣᠯ ᠤᠯᠤᠰ ᠤᠨ ᠦᠨᠡᠯᠡᠭᠡ ᠪᠠᠭᠤᠷᠠᠬᠤ᠂ ᠬᠥᠷᠥᠩᠭᠡ ᠣᠷᠣᠭᠤᠯᠤᠯᠲᠠ  ᠪᠠᠭᠠᠰᠤᠨ᠎ᠠ ᠭᠡᠰᠡᠨ ᠶᠤᠮ᠃
ᠳᠠᠰᠢᠷᠠᠮ ᠳᠤ ᠳᠤᠷᠠᠳᠬᠤ ᠳᠤ᠂ ᠬᠥᠲᠥᠯᠪᠦᠷᠢ ᠶᠢᠨ ᠨᠡᠶᠢᠲᠡ ᠰᠠᠩᠬᠦᠦᠵᠢᠯᠲᠠ 5.5 ᠲᠡᠷᠪᠤᠮ ᠳ᠋ᠣᠯᠯᠠᠷ᠃ ᠡᠭᠦᠨ ᠦ ᠬᠣᠶᠠᠷ ᠣᠷᠴᠢᠮ ᠲᠡᠷᠪᠤᠮ ᠨᠢ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠠᠷᠠᠳ ᠤᠨ  ᠪᠠᠩᠭᠢ ᠳᠦ ᠮᠣᠩᠭᠣᠯ ᠤᠯᠤᠰ ᠤᠨ ᠲᠦᠯᠦᠬᠦ ᠶᠣᠰᠣᠲᠠᠢ ᠵᠢᠭᠡᠯᠡ᠃ ᠮᠣᠩᠭᠣᠯ ᠤᠯᠤᠰ ᠳᠡᠭᠡᠷᠡᠬᠢ ᠬᠡᠮᠵᠢᠶ᠎ᠡ ᠲᠡᠢ ᠳᠦᠢᠬᠦ ᠶᠤᠸᠠᠨ ᠢ ᠲᠤᠰ ᠪᠠᠩᠬᠢᠨ ᠠᠴᠠ ᠵᠢᠭᠡᠯᠡᠭᠡᠳ ᠣᠯᠠᠨ ᠤᠯᠤᠰ ᠤᠨ ᠸᠠᠯᠢᠶᠤᠲ ᠤᠨ ᠰᠠᠩ ᠦᠨ ᠬᠥᠲᠥᠯᠪᠦᠷᠢ ᠬᠡᠷᠡᠭᠵᠢᠬᠦ ᠲᠡᠢ ᠵᠡᠷᠭᠡᠴᠡᠭᠡᠳ ᠲᠦᠯᠦᠬᠦ ᠶᠣᠰᠣᠲᠠᠢ ᠪᠠᠶᠢᠭᠰᠠᠨ ᠴᠤ ᠨᠥᠭᠡᠴᠡ ᠮᠥᠩᠭᠥ ᠪᠠᠶᠢᠭ᠎ᠠ ᠦᠭᠡᠢ ᠲᠦᠯᠦᠬᠦ ᠬᠤᠭᠤᠴᠠᠭ᠎ᠠ ᠶᠢ ᠭᠤᠷᠪᠠᠨ ᠵᠢᠯ ᠢᠶᠡᠷ ᠰᠤᠩᠭᠠᠭᠰᠠᠨ᠃ ᠦᠯᠡᠳᠡᠭᠰᠡᠨ ᠭᠤᠷᠪᠠᠨ ᠣᠷᠴᠢᠮ ᠲᠡᠷᠪᠤᠮ ᠳ᠋ᠣᠯᠯᠠᠷ ᠨᠢ ᠠᠽᠢᠶ᠎ᠠ ᠶᠢᠨ ᠬᠥᠭᠵᠢᠯ ᠦᠨ ᠪᠠᠩᠬᠢ᠂ ᠳᠡᠯᠡᠬᠡᠢ ᠶᠢᠨ ᠪᠠᠩᠬᠢ᠂ ᠶᠠᠫᠣᠨ ᠪᠣᠯᠤᠨ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠤᠨ ᠲᠥᠰᠥᠪ ᠦᠨ ᠪᠣᠯᠤᠨ ᠲᠥᠰᠥᠯ ᠦᠨ ᠳᠡᠮᠵᠢᠯᠭᠡ ᠪᠡᠷ ᠣᠷᠣᠵᠤ ᠢᠷᠡᠬᠦ ᠶᠤᠮ᠃

ᠰᠡᠳᠬᠢᠭᠳᠡᠯ ᠦᠯᠡᠳᠡᠭᠡᠬᠦ