ᠬᠦᠯᠡᠮᠵᠢ ᠠᠰᠢᠭᠯᠠᠯᠲᠠ ᠳᠤ ᠣᠷᠣᠭᠤᠯᠵᠠᠢ  | News.MN

ᠬᠦᠯᠡᠮᠵᠢ ᠠᠰᠢᠭᠯᠠᠯᠲᠠ ᠳᠤ ᠣᠷᠣᠭᠤᠯᠵᠠᠢ 

ᠲᠥᠪ ᠠᠶᠢᠮᠠᠭ 2019 ᠣᠨ ᠢ ︽ᠪᠦᠲᠦᠭᠡᠨ ᠪᠠᠶᠢᠭᠤᠯᠤᠯᠲᠠ- ᠬᠥᠷᠥᠩᠭᠡ ᠣᠷᠣᠭᠤᠯᠤᠯᠲᠠ ᠶᠢᠨ ᠵᠢᠯ︾ ᠪᠣᠯᠭᠠᠨ ᠵᠠᠷᠯᠠᠭᠰᠠᠨ᠃ ᠡᠨᠡ ᠣᠨ ᠳᠤ ᠤᠯᠤᠰ ᠪᠣᠯᠤᠨ ᠣᠷᠣᠨ ᠨᠤᠲᠤᠭ ᠤᠨ ᠲᠥᠰᠥᠪ ᠦᠨ ᠬᠥᠷᠥᠩᠭᠡ ᠣᠷᠣᠭᠤᠯᠤᠯᠲᠠ ᠪᠠᠷ ᠪᠦᠲᠦᠭᠡᠨ ᠪᠠᠶᠢᠭᠤᠯᠤᠯᠲᠠ ᠶᠢᠨ ᠨᠡᠯᠢᠶᠡᠳ ᠠᠵᠢᠯ ᠬᠢᠭᠳᠡᠵᠦ ᠪᠠᠶᠢᠭ᠎ᠠ ᠶᠢᠨ ᠨᠢᠭᠡ ᠨᠢ ᠵᠠᠭᠤᠨᠮᠤᠳᠤ ᠰᠤᠮᠤ ᠶᠢᠨ ︽ᠰᠤᠶᠤᠯ ᠠᠮᠠᠷᠠᠯᠲᠠ ᠶᠢᠨ ᠬᠦᠷᠢᠶᠡᠯᠡᠩ︾ ᠳᠦ ᠪᠠᠶᠢᠭᠤᠯᠤᠭᠳᠠᠵᠤ ᠪᠠᠶᠢᠭ᠎ᠠ ︽ᠬᠦᠯᠡᠮᠵᠢ ᠶᠢᠨ ᠴᠣᠭᠴᠠᠯᠠᠪᠤᠷᠢ ᠫᠠᠷᠺ︾ ᠶᠤᠮ ᠪᠠᠶᠢᠨ᠎ᠠ᠃ ᠤᠭ ᠬᠦᠯᠡᠮᠵᠢ ᠪᠠᠷᠢᠵᠤ ᠪᠠᠶᠢᠭᠤᠯᠬᠤ ᠠᠵᠢᠯ ᠨᠢ ᠥᠩᠭᠡᠷᠡᠭᠰᠡᠨ ᠲᠠᠪᠤᠳᠤᠭᠠᠷ ᠰᠠᠷ᠎ᠠ ᠶᠢᠨ 10 ᠳᠦ ᠡᠬᠢᠯᠡᠵᠡᠢ᠃ 1000 ᠺᠦᠸᠠᠳ᠋ ᠮᠧᠲ᠋ᠷ ᠲᠠᠯᠠᠪᠠᠢ ᠪᠦᠬᠦᠢ ᠤᠭ ᠬᠦᠯᠡᠮᠵᠢ ᠨᠢ ᠤᠳᠤᠷᠢᠳᠤᠯᠭ᠎ᠠ ᠶᠢᠨ ᠬᠡᠰᠡᠭ᠂ ᠲᠠᠪᠴᠠᠩ ᠤᠨ ᠲᠠᠷᠢᠶᠠᠯᠠᠯᠲᠠ ᠶᠢᠨ ᠬᠡᠰᠡᠭ᠂ ᠰᠤᠷᠭᠠᠯᠲᠠ ᠰᠤᠷᠲᠠᠯᠴᠢᠯᠠᠭᠠᠨ ᠤ ᠲᠠᠩᠬᠢᠮ᠂ ᠺᠣᠹᠧ ᠱᠣᠫ ᠭᠡᠰᠡᠨ ᠬᠡᠰᠡᠭ ᠡᠴᠡ ᠪᠥᠷᠢᠳᠴᠦ ᠪᠠᠶᠢᠨ᠎ᠠ᠃

ᠤᠭ ᠬᠦᠯᠡᠮᠵᠢ ᠨᠢ ᠬᠦᠨᠡᠰᠦᠨ ᠦ ᠵᠣᠷᠢᠭᠤᠯᠤᠯᠲᠠ ᠪᠠᠷ ᠠᠰᠢᠭᠯᠠᠬᠤ ᠨᠠᠪᠴᠢᠲᠤ ᠨᠤᠭᠤᠭ᠎ᠠ ᠨᠤᠭᠤᠳ ᠤᠨ ᠤᠷᠭᠤᠬᠤ ᠲᠠᠭᠠᠲᠠᠢ ᠣᠷᠴᠢᠨ ᠢ ᠪᠦᠷᠢᠳᠦᠭᠦᠯᠵᠦ᠂ ᠬᠦᠷᠦᠰᠦ᠂ ᠠᠭᠠᠷ᠂ ᠴᠢᠭᠢᠭᠰᠢᠯ᠂ ᠳᠤᠯᠠᠭᠠᠨ᠂ ᠤᠰᠤᠯᠠᠭᠠᠨ ᠤ ᠰᠢᠰᠲ᠋ᠧᠮ ᠢ ᠲᠠᠰᠤᠯᠭᠠᠨ ᠤ ᠨᠥᠬᠥᠴᠡᠯ ᠳᠦ ᠵᠣᠷᠢᠭᠤᠯᠤᠨ ᠴᠣᠭᠴᠠ ᠪᠠᠷ ᠨᠢ ᠰᠢᠢᠳᠪᠦᠷᠢᠯᠡᠵᠡᠢ᠃

ᠰᠡᠳᠬᠢᠭᠳᠡᠯ ᠦᠯᠡᠳᠡᠭᠡᠬᠦ