ᠴᠠᠭᠠᠨ ᠡᠷᠭᠢ ᠶᠢᠨ ᠣᠪᠣᠭ᠎ᠠ ᠶᠢ ᠲᠠᠬᠢᠯ᠎ᠠ  | News.MN

ᠴᠠᠭᠠᠨ ᠡᠷᠭᠢ ᠶᠢᠨ ᠣᠪᠣᠭ᠎ᠠ ᠶᠢ ᠲᠠᠬᠢᠯ᠎ᠠ 

ᠤᠪᠰᠤ ᠠᠶᠢᠮᠠᠭ ᠤᠨ ᠲᠡᠰ ᠰᠤᠮᠤ ᠶᠢᠨ ᠬᠠᠷᠢᠶᠠᠲᠤ  ᠪᠤᠷᠤᠯᠤᠳ ᠣᠪᠤᠭ ᠤᠨ ᠪᠠᠶᠠᠷᠲᠤ ᠶᠢᠨ ᠭᠤᠷᠪᠠᠨ ᠬᠦᠦ ᠂ ᠵᠢᠷᠭᠤᠭᠠᠨ ᠥᠬᠢᠨ ᠪᠣᠯᠤᠨ ᠲᠡᠳᠡᠭᠡᠷ ᠦᠨ ᠦᠷ᠎ᠡ ᠬᠡᠦᠬᠡᠳ ᠦᠳ ᠴᠠᠭᠠᠨ ᠡᠷᠭᠢ ᠶᠢᠨ ᠣᠪᠣᠭ᠎ᠠ ᠶᠢ ᠡᠨᠡ ᠰᠠᠷ᠎ᠠ ᠶᠢᠨ 16 ᠍ ᠤ ᠡᠳᠦᠷ ᠲᠠᠬᠢᠵᠤ᠂ ᠪᠡᠰᠡᠷᠡᠭ ᠨᠠᠭᠠᠳᠤᠮ ᠬᠢᠭᠰᠡᠨ ᠪᠠᠶᠢᠨ᠎ᠠ᠃ ᠡᠨᠡ ᠦᠶ᠎ᠡ ᠪᠡᠷ ᠤᠯᠤᠰ ᠤᠨ ᠬᠠᠷᠴᠠᠭᠠᠢ ᠲ∙ᠪᠠᠰᠠᠩᠬᠦᠦ᠂ ᠤᠯᠤᠰ ᠤᠨ ᠨᠠᠴᠢᠨ ᠵ∙ᠠᠯᠲᠠᠨᠰᠦ᠋ᠬᠡ ᠨᠠᠷ ᠢᠶᠠᠷ ᠮᠠᠩᠯᠠᠶᠢᠯᠠᠭᠤᠯᠤᠭᠰᠠᠨ ᠬᠦᠴᠦᠲᠦ 64 ᠪᠥᠬᠡ ᠶᠢᠨ ᠪᠠᠷᠢᠯᠳᠤᠭᠠᠨ ᠪᠣᠯᠤᠭᠰᠠᠨ ᠠᠴᠠ ᠭᠠᠳᠠᠨ᠎ᠠ ᠵᠢᠷᠭᠤᠭᠠᠨ ᠨᠠᠰᠤᠨ ᠤ ᠬᠤᠷᠳᠤᠨ ᠮᠣᠷᠢᠳ ᠤᠨ ᠤᠷᠤᠯᠳᠤᠭᠠᠨ ᠪᠣᠯᠵᠠᠢ᠃
ᠪᠥᠬᠡ ᠶᠢᠨ ᠪᠠᠷᠢᠯᠳᠤᠭᠠᠨ ᠳᠤ ᠲᠡᠰ ᠰᠤᠮᠤ ᠶᠢᠨ ᠬᠠᠷᠢᠶᠠᠲᠤ᠂ ︽ᠤᠪᠰᠤ ᠨᠠᠭᠤᠷ︾ ᠭᠠᠯ ᠤᠨ ᠪᠥᠬᠡ᠂ ᠠᠶᠢᠮᠠᠭ ᠤᠨ ᠠᠷᠰᠯᠠᠨ ᠵ∙ᠨᠢᠮᠠᠡᠷᠳᠡᠨᠢ ᠲᠦᠷᠦᠭᠦᠯᠡᠵᠦ᠂ ᠲᠡᠰ ᠰᠤᠮᠤ ᠶᠢᠨ ᠬᠠᠷᠢᠶᠠᠲᠤ᠂ ︽ᠰᠦᠯᠳᠡ︾ ᠰᠫᠣᠷᠲ ᠬᠣᠷᠢᠶ᠎ᠠ᠂ ︽ᠤᠪᠰᠤ ᠨᠠᠭᠤᠷ︾ ᠭᠠᠯ ᠤᠨ ᠪᠥᠬᠡ᠂ ᠤᠯᠤᠰ ᠤᠨ ᠬᠠᠷᠴᠠᠭᠠᠢ ᠲ∙ᠪᠠᠰᠠᠩᠬᠦᠦ ᠦᠵᠦᠭᠦᠷᠯᠡᠭᠰᠡᠨ ᠪᠠᠶᠢᠨ᠎ᠠ᠃ ᠶᠡᠬᠡ ᠨᠠᠰᠤᠨ ᠤ ᠮᠣᠷᠢᠳ ᠤᠨ ᠤᠷᠤᠯᠳᠤᠭᠠᠨ ᠳᠤ ᠲᠡᠰ ᠰᠤᠮᠤ ᠶᠢᠨ ᠤᠶᠠᠭᠠᠴᠢ ᠫ∙ᠯᠾᠬᠠᠪᠠᠰᠦ᠋ᠷᠦᠩ ᠦᠨ ᠮᠣᠩᠭᠣᠯ ᠬᠡᠭᠡᠷ᠂ ᠠᠵᠢᠷᠭᠠᠨ ᠤ ᠤᠷᠤᠯᠳᠤᠭᠠᠨ ᠳᠤ ᠮᠥᠨ ᠰᠤᠮᠤ ᠶᠢᠨ ᠳ∙ᠪᠠᠯᠵᠢᠨᠨᠢᠮ᠎ᠠ ᠶᠢᠨ ᠬᠠᠷ᠎ᠠ᠂ ᠰᠣᠶᠣᠭᠠᠯᠠᠩ ᠳᠤ ᠬᠣᠪᠳᠣ ᠰᠤᠮᠤ ᠶᠢᠨ ᠤᠶᠠᠭᠠᠴᠢ ᠪ∙ᠪᠢᠮᠪᠠᠵᠠᠪ ᠤᠨ ᠬᠦᠷᠡᠩ ᠂ ᠬᠢᠵᠠᠭᠠᠯᠠᠩ ᠳᠤ ᠵᠠᠪᠬᠠᠨ ᠰᠤᠮᠤ ᠶᠢᠨ ᠤᠶᠠᠭᠠᠴᠢ ᠭ∙ᠰᠦᠬᠡᠪᠠᠭᠠᠲᠤᠷ ᠤᠨ ᠬᠠᠯᠵᠠᠨ᠂ ᠰᠢᠳᠦᠯᠡᠩ ᠳᠦ ᠮᠥᠨ ᠰᠤᠮᠤ ᠶᠢᠨ ᠤᠶᠠᠭᠠᠴᠢ ᠳ∙ᠡᠷᠳᠡᠨᠢᠰᠦ᠋ᠷᠦᠩ ᠦᠨ ᠪᠣᠷᠣ᠂ ᠳᠠᠭᠠᠨ ᠳᠤ ᠲᠡᠰ ᠰᠤᠮᠤ ᠶᠢᠨ ᠤᠶᠠᠭᠠᠴᠢ ᠪ∙ᠪᠠᠲᠤᠪᠠᠶᠠᠷ ᠤᠨ ᠬᠦᠷᠡᠩ ᠬᠠᠯᠵᠠᠨ ᠲᠤᠰ ᠲᠤᠰ ᠲᠦᠷᠦᠭᠦᠯᠡᠵᠦ᠂ ᠤᠶᠠᠭᠰᠠᠨ ᠡᠵᠡᠨ᠂ ᠤᠨᠤᠭᠰᠠᠨ ᠬᠡᠦᠬᠡᠳ᠂ ᠬᠤᠷᠠᠭᠰᠠᠨ ᠣᠯᠠᠨ ᠢ ᠪᠠᠶᠠᠷᠯᠠᠭᠤᠯᠤᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ