ᠴᠡᠭᠡᠵᠢ ᠪᠤᠳᠤᠯᠭ᠎ᠠ ᠪᠠᠷ ᠬᠡᠦᠬᠡᠳ ᠦᠳ ᠱᠤᠤᠭᠢᠶᠠᠨ ᠲᠠᠷᠢᠪᠠ  | News.MN

ᠴᠡᠭᠡᠵᠢ ᠪᠤᠳᠤᠯᠭ᠎ᠠ ᠪᠠᠷ ᠬᠡᠦᠬᠡᠳ ᠦᠳ ᠱᠤᠤᠭᠢᠶᠠᠨ ᠲᠠᠷᠢᠪᠠ 

ᠪᠦᠭᠦᠳᠡ ᠨᠠᠶᠢᠷᠠᠮᠳᠠᠬᠤ ᠺᠢᠷᠭᠢᠽ ᠤᠯᠤᠰ ᠲᠦ Mental Arithmetic-2019 ᠴᠡᠭᠡᠵᠢ ᠪᠤᠳᠤᠯᠭ᠎ᠠ ᠶᠢᠨ ᠨᠡᠭᠡᠭᠡᠯᠲᠡᠲᠡᠢ ᠲᠡᠮᠡᠴᠡᠭᠡᠨ ᠪᠣᠯᠵᠤ ᠪᠠᠶᠢᠨ᠎ᠠ᠃ ᠮᠣᠩᠭᠣᠯ ᠤᠨ ᠣᠶᠤᠨ ᠤᠬᠠᠭᠠᠨ ᠤ ᠠᠺᠠᠳᠧᠮᠢ ᠶᠢᠨ 4-12 ᠨᠠᠰᠤᠨ ᠤ 21 ᠰᠤᠷᠤᠭᠴᠢ ᠥᠴᠥᠭᠡᠳᠦᠷ ᠪᠣᠯᠤᠭᠰᠠᠨ ᠶᠢᠰᠦᠨ ᠨᠠᠰᠤᠨ ᠤ ᠠᠩᠭᠢᠯᠠᠯ ᠤᠨ ᠵᠥᠪᠬᠡᠨ ᠳᠡᠭᠡᠳᠦ ᠲᠦᠪᠰᠢᠨ ᠦ ᠲᠠᠮᠢᠷᠴᠢᠳ ᠤᠨ ᠳᠤᠮᠳᠠ ᠪᠣᠯᠳᠠᠭ ᠲᠡᠮᠡᠴᠡᠭᠡᠨ ᠳᠦ ᠥᠨᠳᠥᠷ ᠠᠮᠵᠢᠯᠲᠠ ᠦᠵᠡᠭᠦᠯᠦᠯ᠎ᠡ᠃ ᠵᠢᠷᠭᠤᠭᠠᠨ ᠨᠠᠰᠤᠲᠠᠢ ᠰᠤᠷᠤᠭᠴᠢᠳ ᠠᠬ᠎ᠠ᠂ ᠡᠭᠡᠴᠢ ᠨᠠᠷ ᠤᠨ ᠢᠶᠠᠨ ᠤᠷᠤᠯᠴᠠᠬᠤ ᠶᠣᠰᠣᠲᠠᠢ ᠲᠥᠷᠥᠯ ᠳᠦ ᠥᠷᠢᠰᠦᠯᠳᠦᠵᠦ᠂ ᠵᠢᠷᠭᠤᠭᠠᠨ ᠮᠧᠳᠠᠯ ᠤᠨ ᠭᠤᠷᠪᠠ ᠶᠢ ᠨᠢ ᠬᠦᠷᠲᠡᠭᠰᠡᠨ ᠭᠠᠶᠢᠬᠠᠯᠲᠠᠢ ᠠᠮᠵᠢᠯᠲᠠ ᠦᠵᠡᠭᠦᠯᠵᠡᠢ᠃ ᠪ∙ᠮᠠᠩᠯᠠᠢ᠂ ᠱ∙ᠠᠷᠢᠭᠤᠨ-ᠣᠳᠣ ᠮᠥᠩᠭᠥ᠂ ᠬ∙ᠮᠢᠰᠢᠶᠡᠯ ᠬᠦᠷᠡᠯ ᠮᠧᠳᠠᠯ ᠬᠦᠷᠲᠡᠵᠦ᠂ ᠣᠢ ᠲᠣᠭᠲᠠᠭᠠᠯᠲᠠ ᠶᠢᠨ ᠭᠠᠶᠢᠬᠠᠮᠰᠢᠭ ᠢ ᠬᠠᠷᠠᠭᠤᠯᠤᠭᠰᠠᠨ ᠪᠠᠶᠢᠨ᠎ᠠ᠃ ᠮᠥᠨ ᠲᠡᠮᠡᠴᠡᠭᠡᠨ ᠦ ᠲᠣᠮᠣ ᠨᠠᠰᠤᠨ ᠤ ᠠᠩᠭᠢᠯᠠᠯ ᠪᠤᠶᠤ 10 ᠨᠠᠰᠤᠨ ᠤ ᠦᠨᠳᠦᠰᠦᠨ ᠠᠩᠭᠢᠯᠠᠯ ᠳᠤ ᠪ∙ᠡᠷᠮᠡᠭᠦᠨ ᠬᠦᠷᠡᠯ ᠮᠧᠳᠠᠯ ᠬᠦᠷᠲᠡᠭᠰᠡᠨ ᠪᠣᠯ ᠳᠡᠭᠡᠳᠦ ᠲᠦᠪᠰᠢᠨ ᠳᠦ ᠥᠷᠢᠰᠦᠯᠳᠦᠭᠰᠡᠨ ᠳ∙ᠬᠦᠰᠡᠯᠡᠩ ᠠᠪᠤᠷᠭᠤ ᠶᠢᠨ ᠠᠯᠲᠠᠨ ᠮᠧᠳᠠᠯ ᠤᠨ ᠡᠵᠡᠨ ᠪᠣᠯᠵᠠᠢ᠃
ᠡᠨᠡ ᠤᠳᠠᠭ᠎ᠠ ᠶᠢᠨ ᠲᠡᠮᠡᠴᠡᠭᠡᠨ ᠳᠦ ᠣᠷᠣᠯᠴᠠᠭᠰᠠᠨ ᠮᠣᠩᠭᠣᠯ ᠤᠯᠤᠰ ᠤᠨ ᠪᠠᠭ᠎ᠠ ᠨᠠᠰᠤᠨ ᠤ ᠶᠢᠰᠦᠨ ᠰᠤᠷᠤᠭᠴᠢ ᠣᠩᠭᠣᠴᠠᠨ ᠤ ᠭᠡᠨᠡᠳᠲᠡ ᠶᠢᠨ ᠰᠠᠭᠠᠲᠤᠯ ᠤᠨ ᠤᠯᠠᠮ ᠠᠴᠠ ᠦᠨᠳᠦᠰᠦᠨ ᠠᠩᠭᠢᠯᠠᠯ ᠳᠤ ᠪᠠᠨ ᠥᠷᠢᠰᠦᠯᠳᠦᠵᠦ ᠴᠢᠳᠠᠭ᠎ᠠ ᠦᠭᠡᠢ ᠶᠤᠮ᠃ ᠲᠡᠶᠢᠮᠦ ᠡᠴᠡ ᠲᠡᠮᠡᠴᠡᠭᠡᠨ ᠡᠬᠢᠯᠡᠭᠰᠡᠨ ᠬᠣᠶᠢᠨ᠎ᠠ ᠣᠴᠢᠭᠰᠠᠨ ᠴᠤ ᠵᠣᠬᠢᠶᠠᠨ ᠪᠠᠶᠢᠭᠤᠯᠤᠭᠴᠢᠳ ᠳᠡᠭᠡᠳᠦ ᠨᠠᠰᠤᠨ ᠳᠤ ᠦᠷᠢᠰᠦᠯᠳᠦᠬᠦ ᠵᠥᠪᠰᠢᠶᠡᠷᠡᠯ ᠥᠭᠭᠦᠭᠰᠡᠨ ᠢᠶᠡᠷ ᠮᠠᠨ ᠤ ᠵᠢᠷᠭᠤᠭᠠᠨ ᠨᠠᠰᠤᠲᠠᠨ ᠨᠤᠭᠤᠳ ᠣᠷᠣᠯᠴᠠᠭᠴᠢᠳ ᠢ ᠭᠠᠶᠢᠬᠠᠰᠢᠷᠠᠭᠤᠯᠵᠠᠢ᠃

ᠰᠡᠳᠬᠢᠭᠳᠡᠯ ᠦᠯᠡᠳᠡᠭᠡᠬᠦ