ᠳ᠋ᠢᠮᠶᠤ᠋ ᠺᠯᠦ᠋ᠪ ᠲᠦᠷᠦᠭᠦᠯᠡᠯ᠎ᠡ  | News.MN

 ᠳ᠋ᠢᠮᠶᠤ᠋ ᠺᠯᠦ᠋ᠪ ᠲᠦᠷᠦᠭᠦᠯᠡᠯ᠎ᠡ 

ᠬᠥᠯ ᠪᠥᠮᠪᠥᠭᠡ ᠶᠢᠨ ᠥᠰᠪᠦᠷᠢ ᠦᠶ᠎ᠡ ᠶᠢᠨ ᠬᠢᠨ ᠦ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ 10 ᠬᠦᠷᠲᠡᠯᠡᠬᠢ ᠨᠠᠰᠤᠨ ᠤ ᠠᠩᠭᠢᠯᠠᠯ ᠤᠨ ᠲᠡᠮᠡᠴᠡᠭᠡᠨ ᠮᠣᠩᠭᠣᠯ ᠤᠨ ᠬᠦᠯ ᠪᠦᠮᠪᠦᠭᠡ ᠶᠢᠨ ᠬᠤᠯᠪᠤᠭᠠᠨ ᠤ ᠵᠢᠵᠢᠭ ᠲᠠᠯᠠᠪᠠᠢ ᠳᠤ ᠳᠣᠯᠣᠭ᠎ᠠ ᠬᠣᠨᠣᠭ ᠤᠨ ᠲᠤᠷᠰᠢ ᠦᠷᠭᠦᠯᠵᠢᠯᠡᠵᠦ᠂ ᠠᠪᠤᠷᠭᠤ ᠨᠤᠭᠤᠳ ᠢᠶᠠᠨ ᠲᠣᠳᠣᠷᠠᠭᠤᠯᠤᠯ᠎ᠠ᠃ ᠮᠣᠩᠭᠣᠯ ᠤᠨ ᠬᠦᠯ ᠪᠦᠮᠪᠦᠭᠡ ᠶᠢᠨ ᠬᠤᠯᠪᠤᠭᠠᠨ ᠤ ᠲᠧᠭᠨᠢᠭ ᠦᠨ ᠬᠡᠯᠲᠡᠰ ᠦᠨ ᠵᠥᠪᠯᠡᠮᠵᠢ ᠶᠢᠨ ᠳᠠᠭᠠᠤ ᠬᠠᠮᠤᠭ ᠤᠨ ᠣᠯᠠᠨ ᠭᠤᠤᠯᠢ ᠣᠷᠣᠭᠤᠯᠤᠭᠰᠠᠨ ᠪᠠᠭ ᠠᠪᠤᠷᠭᠤᠯᠠᠬᠤ ᠳᠦᠷᠢᠮ ᠲᠡᠢ ᠡᠨᠡᠬᠦ ᠲᠡᠮᠡᠴᠡᠭᠡᠨ ᠳᠦ 19 ᠪᠠᠭ ᠬᠤᠷᠳᠤ ᠬᠦᠴᠦ᠂ ᠠᠪᠬᠠᠯᠵᠢ ᠰᠠᠮᠪᠠᠭ᠎ᠠ ᠪᠠᠨ ᠰᠣᠷᠢᠨ ᠥᠷᠢᠰᠦᠯᠳᠦᠵᠦ᠂ ᠪᠠᠭ ᠲᠤᠰ ᠪᠦᠷᠢ ᠨᠠᠢᠮᠠᠨ ᠲᠣᠭᠯᠠᠯᠲᠠ ᠬᠢᠭᠰᠡᠨ ᠡᠴᠡ ᠭ∙ᠠᠯᠲᠠᠨᠴᠤᠤᠵᠢ ᠳᠠᠰᠬᠠᠯᠵᠢᠭᠤᠯᠤᠭᠴᠢ ᠲᠠᠢ ᠳ᠋ᠢᠮᠶᠤ᠋ ᠺᠯᠦ᠋ᠪ  ᠤᠨ ᠨᠢᠭᠡᠳᠦᠭᠡᠷ ᠪᠠᠭ 55  ᠭᠤᠤᠯᠢ ᠪᠠᠷ ᠠᠯᠲᠠ᠂ ᠪ∙ᠪᠣᠯᠣᠳ ᠳᠠᠰᠬᠠᠯᠵᠢᠭᠤᠯᠤᠭᠴᠢ ᠲᠠᠢ ︽ᠰ ᠫ ᠹᠠᠯᠺᠣᠨᠰ︾ ᠺᠯᠦ᠋ᠪ 35 ᠭᠤᠤᠯᠢ ᠪᠠᠷ ᠮᠥᠩᠭᠥ᠂ ᠪ∙ᠭᠠᠩᠰᠦ᠋ᠬᠡ ᠳᠠᠰᠬᠠᠯᠵᠢᠭᠤᠯᠤᠭᠴᠢ ᠲᠠᠢ ︽ᠬᠣᠷᠣᠮᠬᠠᠨ︾ ᠺᠯᠦ᠋ᠪ 31 ᠭᠤᠤᠯᠢ ᠪᠠᠷ ᠬᠦᠷᠡᠯ ᠮᠧᠳᠠᠯ ᠬᠦᠷᠲᠡᠪᠡ᠃

ᠰᠡᠳᠬᠢᠭᠳᠡᠯ ᠦᠯᠡᠳᠡᠭᠡᠬᠦ