ᠨ∙ᠣᠳᠬᠣᠨᠪᠠᠭᠠᠲᠤᠷ᠂ ᠮ∙ᠨᠠᠨᠳᠢᠨ-ᠡᠷᠳᠡᠨᠢ ᠨᠠᠷ ᠠᠪᠤᠷᠭᠤ ᠶᠢᠨ ᠲᠥᠯᠥᠭᠡ ᠲᠤᠯᠤᠯᠳᠤᠨ᠎ᠠ  | News.MN

ᠨ∙ᠣᠳᠬᠣᠨᠪᠠᠭᠠᠲᠤᠷ᠂ ᠮ∙ᠨᠠᠨᠳᠢᠨ-ᠡᠷᠳᠡᠨᠢ ᠨᠠᠷ ᠠᠪᠤᠷᠭᠤ ᠶᠢᠨ ᠲᠥᠯᠥᠭᠡ ᠲᠤᠯᠤᠯᠳᠤᠨ᠎ᠠ 

ᠬᠣᠯᠢᠮᠠᠭ ᠲᠤᠯᠤᠭᠠᠨ ᠤ MFC ᠬᠣᠯᠪᠣᠭ᠎ᠠ᠂ SPS ᠲᠸᠯᠸᠢᠰ ᠬᠠᠮᠲᠤᠷᠠᠨ ᠬᠤᠶᠠᠳᠠᠬᠢ ᠣᠯᠠᠨ ᠤᠯᠤᠰ ᠤᠨ ᠲᠤᠯᠤᠭᠠᠨ ᠢᠶᠠᠨ 6 ᠳ᠋ᠤᠭᠠᠷ ᠰᠠᠷ᠎ᠠ ᠶᠢᠨ 22 ᠍ ᠤ ᠡᠳᠦᠷ ᠪᠥᠬᠡ ᠶᠢᠨ ᠥᠷᠭᠦᠭᠡᠨ ᠳᠦ ᠵᠣᠬᠢᠶᠠᠨ ᠪᠠᠶᠢᠭᠤᠯᠬᠤ ᠭᠡᠵᠦ ᠪᠠᠶᠢᠨ᠎ᠠ᠃ ᠣᠨ ᠤ ᠡᠬᠢᠨ ᠳᠦ ᠪᠣᠯᠤᠭᠰᠠᠨ ᠠᠩᠬᠠᠨ ᠤ ᠲᠡᠮᠡᠴᠡᠭᠡᠨ ᠳᠦ ᠬᠠᠰᠠᠺᠰᠲ᠋ᠠᠨ᠂ ᠲᠤᠸᠠ ᠠᠴᠠ ᠲᠠᠮᠢᠷᠴᠢᠳ ᠢᠷᠡᠵᠦ ᠪᠠᠶᠢᠭᠰᠠᠨ ᠪᠣᠯ ᠡᠨᠡ ᠤᠳᠠᠭ᠎ᠠ ᠳᠤ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ᠂ ᠺᠢᠷᠭᠢᠽᠲ᠋ᠠᠨ ᠤ ᠰᠢᠯᠢᠳᠡᠭ ᠲᠤᠯᠤᠭᠠᠨᠴᠢᠳ ᠢᠷᠡᠵᠡᠢ᠃ ᠡᠨᠡ ᠡᠳᠦᠷ ᠦᠨ ᠰᠡᠭᠦᠯ ᠦᠨ ᠪᠤᠶᠤ ᠭᠣᠣᠯ ᠲᠤᠯᠤᠭᠠᠨ 70 ᠺᠢᠯᠦᠭᠷᠡᠮ ᠦᠨ ᠵᠢᠩ ᠦᠨ ᠠᠪᠤᠷᠭᠤ ᠶᠢᠨ ᠪᠥᠰᠡᠨ ᠦ ᠲᠥᠯᠥᠭᠡ ᠮ∙ᠨᠠᠨᠳᠢᠨ-ᠡᠷᠳᠡᠨᠢ᠂ ᠨ∙ᠣᠳᠬᠣᠨᠪᠠᠭᠠᠲᠤᠷ ᠨᠠᠷ ᠤᠨ ᠬᠣᠭᠣᠷᠣᠨᠳᠣ ᠪᠣᠯᠬᠤ ᠶᠤᠮ᠃ ᠡᠨᠡ ᠵᠢᠯ 32 ᠨᠠᠰᠤᠲᠠᠢ ᠬᠣᠶᠠᠷ ᠲᠠᠮᠢᠷᠴᠢᠨ ᠤ ᠬᠤᠪᠢ ᠳᠤ ᠠᠯᠢ ᠠᠯᠢ ᠨᠢ ᠳᠡᠯᠡᠬᠡᠢ ᠶᠢᠨ ᠲᠠᠪᠴᠠᠩ ᠳᠤ ᠡᠬᠡ ᠣᠷᠣᠨ ᠤ ᠪᠠᠨ ᠨᠡᠷ᠎ᠡ ᠶᠢ ᠭᠠᠷᠭᠠᠵᠤ ᠶᠠᠪᠤᠭ᠎ᠠ ᠲᠤᠯᠤᠭᠠᠨᠴᠢᠳ᠃
ᠴᠠᠭᠳᠠᠭ᠎ᠠ ᠶᠢᠨ ᠶᠡᠷᠦᠩᠬᠡᠢ ᠭᠠᠵᠠᠷ ᠤᠨ ᠲᠤᠰᠬᠠᠢ ᠠᠵᠢᠯᠯᠠᠭᠠᠨ ᠤ ᠭᠠᠵᠠᠷ ᠤᠨ ᠠᠯᠪᠠᠨ ᠬᠠᠭᠠᠭᠴᠢ᠂ ᠠᠮᠧᠷᠢᠺᠠ ᠶᠢᠨ Dragon House ᠬᠣᠯᠪᠣᠭᠠᠨ ᠤ ᠠᠪᠤᠷᠭᠤ ᠨᠡᠷᠡᠭᠦᠢ ᠶᠢᠨ ᠣᠳᠬᠣᠨᠪᠠᠭᠠᠲᠤᠷ ᠤᠨ ᠬᠤᠪᠢ ᠳᠤ ᠴᠢᠯᠦᠭᠡᠲᠦ ᠪᠥᠬᠡ ᠶᠢᠨ ᠰᠠᠭᠤᠷᠢ ᠲᠠᠢ᠂ ᠬᠣᠯᠢᠮᠠᠭ ᠲᠤᠯᠤᠭᠠᠨ ᠢᠶᠠᠷ 4-1-1 ᠠᠮᠵᠢᠯᠲᠠ ᠲᠠᠢ ᠶᠠᠪᠤᠭ᠎ᠠ᠃ ᠬᠠᠷᠢᠨ ᠲᠡᠭᠦᠨ ᠦ ᠡᠰᠡᠷᠭᠦ ᠬᠦᠴᠦ ᠦᠵᠡᠬᠦ ᠮᠦᠩᠭᠦᠨᠴᠤᠤᠵᠢ ᠶᠢᠨ ᠨᠠᠨᠳᠢᠨ-ᠡᠷᠳᠡᠨᠢ 2007 ᠣᠨ ᠳᠤ ᠤᠯᠠᠭᠠᠨᠪᠠᠭᠠᠲᠤᠷ ᠲᠤ ᠪᠣᠯᠤᠭᠰᠠᠨ ᠰᠣᠨᠢᠷᠬᠠᠭᠴᠢᠳ ᠤᠨ ᠪᠣᠺᠰ ᠤᠨ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠮᠥᠩᠭᠥᠨ ᠮᠧᠳᠠᠯ ᠬᠦᠷᠲᠡᠭᠰᠡᠨ ᠪᠢᠯᠡ᠃ ᠲᠡᠷᠡᠪᠡᠷ ᠰᠡᠭᠦᠯ ᠦᠨ 10 ᠣᠷᠴᠢᠮ ᠵᠢᠯ ᠦᠨ ᠬᠤᠭᠤᠴᠠᠭᠠᠨ ᠳᠤ  ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠲᠤ ᠠᠵᠢᠯᠯᠠᠵᠤ ᠠᠮᠢᠳᠤᠷᠠᠬᠤ ᠶᠢᠨ ᠬᠠᠵᠠᠭᠤ ᠪᠠᠷ Road FC ᠬᠣᠯᠪᠣᠭᠠᠨ ᠳᠤ ᠲᠤᠯᠤᠯᠳᠤᠵᠤ ᠪᠠᠶᠢᠭ᠎ᠠ ᠶᠤᠮ᠃ ᠮ∙ᠨᠠᠨᠳᠢᠨ-ᠡᠷᠳᠡᠨᠢ ᠬᠣᠯᠢᠮᠠᠭ ᠲᠤᠯᠤᠭᠠᠨ ᠢᠶᠠᠷ 8-6 ᠭᠡᠰᠡᠨ ᠠᠮᠵᠢᠯᠲᠠ ᠲᠠᠢ ᠃
MFC-2 ᠲᠤ ᠳᠡᠭᠡᠷᠡᠬᠢ ᠲᠠᠮᠢᠷᠴᠢᠳ ᠠᠴᠠ ᠭᠠᠳᠠᠨ᠎ᠠ ᠮᠠᠨ ᠤ ᠤᠯᠤᠰ ᠤᠨ ᠰᠢᠯᠢᠳᠡᠭ ᠲᠤᠯᠤᠭᠠᠨᠴᠢᠳ ᠪᠣᠯᠬᠤ ᠣ᠊∙ᠫᠦᠷᠪᠦ᠂  ᠳ∙ᠪᠠᠲᠤᠭᠡᠷᠡᠯ ᠂ ᠰ∙ᠬᠦᠷᠡᠯᠪᠠᠭᠠᠲᠤᠷ᠂ ᠠ᠊ ∙ᠲᠡᠮᠡᠦᠯᠦᠨ ᠨᠠᠷ ᠭᠠᠳᠠᠭᠠᠳᠤ ᠶᠢᠨ ᠲᠤᠯᠤᠭᠠᠨᠴᠢᠳ ᠤᠨ ᠡᠰᠡᠷᠭᠦ ᠬᠦᠴᠦ ᠦᠵᠡᠨ᠎ᠡ᠃

ᠰᠡᠳᠬᠢᠭᠳᠡᠯ ᠦᠯᠡᠳᠡᠭᠡᠬᠦ