ᠰᠤᠯᠤᠩᠭᠤᠰ ᠲᠤ ᠬᠣᠬᠢᠷᠠᠯ ᠢᠶᠠᠨ ᠨᠡᠬᠡᠮᠵᠢᠯᠡᠬᠦ ᠡᠷᠬᠡ ᠲᠡᠢ  | News.MN

 ᠰᠤᠯᠤᠩᠭᠤᠰ ᠲᠤ ᠬᠣᠬᠢᠷᠠᠯ ᠢᠶᠠᠨ ᠨᠡᠬᠡᠮᠵᠢᠯᠡᠬᠦ ᠡᠷᠬᠡ ᠲᠡᠢ

ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠤᠨ ᠦᠨᠳᠦᠰᠦᠨ ᠦ ᠴᠠᠭᠳᠠᠭ᠎ᠠ ᠶᠢᠨ ᠭᠠᠵᠠᠷ᠂ ᠬᠠᠤᠯᠢ ᠵᠦᠢ ᠶᠢᠨ  ᠶᠠᠮᠤᠨ ᠲᠠᠢ ᠪᠠᠨ ᠬᠠᠮᠲᠤᠷᠠᠨ ᠲᠠᠩᠬᠠᠢ᠂ ᠰᠦᠷᠳᠡᠭᠦᠯᠦᠯ᠂ ᠵᠠᠯᠢᠯᠠᠨ ᠵᠡᠷᠭᠡ ᠭᠡᠮᠲᠦ ᠬᠡᠷᠡᠭ ᠦᠨ ᠬᠣᠬᠢᠷᠠᠭᠴᠢ ᠪᠣᠯᠤᠭᠰᠠᠨ ︽ᠬᠠᠤᠯᠢ ᠪᠤᠰᠤ ᠪᠠᠷ ᠣᠷᠣᠰᠢᠨ ᠰᠠᠭᠤᠭᠴᠢ ᠢᠷᠭᠡᠨ ᠦ ᠲᠠᠯ᠎ᠠ ᠪᠠᠷ ᠮᠡᠳᠡᠭᠳᠡᠯ ᠥᠭᠬᠦ ᠡᠭᠦᠷᠭᠡ ᠡᠴᠡ ᠴᠢᠯᠦᠭᠡᠯᠡᠬᠦ ᠲᠣᠭᠲᠠᠯᠴᠠᠭ᠎ᠠ︾ ᠶᠢ 2013 ᠣᠨ ᠤ 3 ᠳ᠋ᠤᠭᠠᠷ ᠰᠠᠷ᠎ᠠ ᠠᠴᠠ ᠡᠬᠢᠯᠡᠨ ᠬᠡᠷᠡᠭᠵᠢᠭᠦᠯᠵᠦ ᠪᠠᠶᠢᠨ᠎ᠠ᠃ ᠣᠳᠣ ᠪᠠᠷ 822 ᠬᠦᠮᠦᠨ ᠤᠭ ᠬᠥᠲᠥᠯᠪᠦᠷᠢ ᠳᠦ ᠬᠠᠮᠤᠷᠤᠭᠳᠠᠵᠠᠢ᠃ ᠭᠠᠳᠠᠭᠠᠳᠤ ᠶᠢᠨ ᠢᠷᠭᠡᠳ ᠡᠨᠡᠬᠦ ᠲᠣᠭᠲᠠᠯᠴᠠᠭᠠᠨ ᠤ ᠲᠠᠯ᠎ᠠ ᠪᠠᠷ ᠮᠡᠳᠡᠭᠡᠯᠡᠯ ᠦᠭᠡᠢ ᠡᠴᠡ ᠭᠡᠮᠲᠦ ᠬᠡᠷᠡᠭ ᠦᠨ ᠬᠣᠬᠢᠷᠠᠭᠴᠢ ᠪᠣᠯᠤᠭᠰᠠᠨ ᠴᠤ ᠬᠠᠤᠯᠢ ᠪᠤᠰᠤ ᠪᠠᠷ ᠠᠮᠢᠳᠤᠷᠠᠵᠤ ᠪᠠᠶᠢᠭ᠎ᠠ ᠭᠡᠳᠡᠭ ᠡᠴᠡ ᠪᠡᠨ ᠡᠮᠢᠶᠡᠨ ᠬᠠᠤᠯᠢ ᠬᠢᠨᠠᠯᠲᠠ ᠶᠢᠨ ᠪᠠᠶᠢᠭᠤᠯᠤᠯᠭ᠎ᠠ ᠶᠢᠨ ᠲᠤᠰᠠᠯᠠᠮᠵᠢ ᠶᠢ ᠠᠪᠴᠤ ᠴᠢᠳᠠᠬᠤ ᠦᠭᠡᠢ ᠥᠩᠭᠡᠷᠡᠳᠡᠭ ᠶᠠᠪᠤᠳᠠᠯ ᠨᠡᠯᠢᠶᠡᠳ ᠪᠠᠶᠢᠳᠠᠭ ᠪᠠᠶᠢᠨ᠎ᠠ᠃
ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠤᠨ ᠡᠷᠡᠭᠦᠦ ᠶᠢᠨ ᠬᠠᠤᠯᠢ ᠳᠤ ᠵᠢᠭᠠᠭᠰᠠᠨ ᠬᠦᠮᠦᠨ ᠠᠮᠢ᠂ ᠲᠠᠩᠬᠠᠢ ᠬᠦᠴᠦᠷᠬᠡᠶᠢᠯᠡᠯ᠂ ᠪᠠᠷᠢᠴᠠᠭᠠᠯᠠᠬᠤ᠂ ᠵᠣᠳᠣᠬᠤ᠂ ᠭᠡᠷ ᠦᠨ ᠬᠣᠷᠢᠭᠠᠨ ᠳᠤ ᠪᠠᠶᠢᠯᠭᠠᠬᠤ᠂ ᠳᠠᠷᠤᠮᠲᠠᠯᠠᠬᠤ᠂ ᠪᠡᠯᠭᠡ ᠶᠢᠨ ᠬᠦᠴᠦᠷᠬᠡᠶᠢᠯᠡᠯ᠂ ᠬᠦᠴᠦᠨ᠂ ᠬᠤᠯᠠᠭᠠᠢ᠂ ᠳᠡᠭᠡᠷᠡᠮ᠂ ᠵᠠᠯᠢᠯᠠᠨ᠂ ᠪᠡᠶ᠎ᠡ ᠶᠢ ᠨᠢ ᠦᠨᠡᠯᠡᠭᠦᠯᠬᠦ ᠭᠡᠬᠦ ᠮᠡᠲᠦ ᠬᠡᠷᠡᠭ ᠦᠨ ᠬᠣᠬᠢᠷᠠᠭᠴᠢ ᠪᠣᠯᠤᠭᠰᠠᠨ ᠲᠣᠬᠢᠶᠠᠯᠳᠤᠯ ᠳᠤ ᠳᠡᠭᠡᠷᠡᠬᠢ ᠲᠣᠭᠲᠠᠯᠴᠠᠭᠠᠨ ᠳᠤ ᠬᠠᠮᠤᠷᠤᠭᠳᠠᠬᠤ ᠪᠣᠯᠤᠮᠵᠢ ᠲᠠᠢ᠃ ᠬᠠᠷᠢᠨ ᠬᠥᠳᠡᠯᠮᠦᠷᠢ ᠶᠢᠨ ᠬᠥᠯᠥᠰᠥ ᠪᠡᠨ ᠠᠪᠴᠤ ᠴᠢᠳᠠᠭ᠎ᠠ ᠦᠭᠡᠢ ᠵᠡᠷᠭᠡ ᠢᠷᠭᠡᠨ ᠦ ᠪᠣᠯᠤᠨ ᠬᠥᠳᠡᠯᠮᠦᠷᠢ ᠶᠢᠨ ᠮᠠᠷᠭᠤᠭᠠᠨ᠂ ᠭᠡᠮᠲᠦ ᠬᠡᠷᠡᠭ ᠦᠨ ᠬᠣᠬᠢᠷᠠᠭᠴᠢ ᠪᠣᠯᠤᠯ᠎ᠠ ᠬᠡᠮᠡᠨ ᠬᠠᠭᠤᠷᠠᠮᠴᠢ ᠮᠡᠳᠡᠭᠡᠯᠡᠯ ᠥᠭᠭᠦᠭᠰᠡᠨ ᠡᠲᠡᠭᠡᠳ᠂ ᠬᠠᠷᠢᠯᠴᠠᠨ ᠵᠣᠳᠣᠯᠳᠤᠭᠰᠠᠨ ᠡᠲᠡᠭᠡᠳ ᠬᠠᠮᠢᠶᠠᠷᠬᠤ ᠦᠭᠡᠢ ᠠᠵᠡᠢ᠃

ᠰᠡᠳᠬᠢᠭᠳᠡᠯ ᠦᠯᠡᠳᠡᠭᠡᠬᠦ