ᠳᠠᠷᠬᠠᠨ ᠴᠠᠭᠠᠵᠠᠲᠤ ᠭᠠᠵᠠᠷ ᠲᠤ ᠺᠠᠮᠧᠷ ᠰᠠᠭᠤᠷᠢᠯᠠᠭᠤᠯᠵᠤ ᠪᠠᠶᠢᠨ᠎ᠠ  | News.MN

ᠳᠠᠷᠬᠠᠨ ᠴᠠᠭᠠᠵᠠᠲᠤ ᠭᠠᠵᠠᠷ ᠲᠤ ᠺᠠᠮᠧᠷ ᠰᠠᠭᠤᠷᠢᠯᠠᠭᠤᠯᠵᠤ ᠪᠠᠶᠢᠨ᠎ᠠ 

ᠤᠪᠰᠤ ᠨᠠᠭᠤᠷ ᠤᠨ ᠠᠢ ᠰᠠᠪᠠ ᠶᠢᠨ ᠬᠠᠮᠠᠭᠠᠯᠠᠯᠲᠠ ᠶᠢᠨ ᠵᠠᠬᠢᠷᠭᠠᠨ ᠠᠴᠠ ᠡᠨᠡ ᠰᠠᠷ᠎ᠠ ᠳᠤ ᠪᠠᠨ ᠪᠠᠭᠲᠠᠭᠠᠳ ᠲᠦᠷᠭᠡᠨ ᠠᠭᠤᠯᠠ ᠶᠢᠨ ᠳᠠᠷᠬᠠᠨ ᠴᠠᠭᠠᠵᠠᠲᠤ ᠭᠠᠵᠠᠷ ᠲᠤ ᠳᠡᠯᠡᠬᠡᠢ ᠶᠢᠨ ᠪᠠᠶᠢᠭᠠᠯᠢ ᠬᠠᠮᠠᠭᠠᠯᠠᠬᠤ ᠰᠠᠩ ᠦᠨ  ᠰᠠᠩᠬᠦᠦᠵᠢᠯᠲᠡ ᠪᠡᠷ ᠠᠦ᠋ᠲ᠋ᠣᠮᠠᠲ ᠺᠠᠮᠧᠷ ᠲᠠᠯᠪᠢᠵᠤ ᠮᠡᠳᠡᠭᠡᠯᠡᠯ ᠴᠤᠭᠯᠠᠭᠤᠯᠬᠤ ᠠᠵᠢᠯ ᠢ ᠬᠢᠬᠦ ᠭᠡᠵᠦ ᠪᠠᠶᠢᠨ᠎ᠠ᠃ ᠡᠭᠦᠨ ᠡᠴᠡ ᠭᠠᠳᠠᠨ᠎ᠠ ᠴᠠᠭᠠᠨᠰᠢᠪᠠᠭᠤᠲᠤ ᠠᠭᠤᠯᠠ ᠶᠢᠨ ᠪᠣᠯᠤᠨ ᠲᠦᠷᠭᠡᠨ ᠠᠭᠤᠯᠠ ᠶᠢᠨ ᠳᠠᠷᠬᠠᠨ ᠴᠠᠭᠠᠵᠠᠲᠤ ᠭᠠᠵᠠᠷ ᠤᠳ ᠲᠤ ᠶᠠᠩᠭᠢᠷ᠂ ᠠᠷᠭᠠᠯ ᠤᠨ ᠲᠣᠭᠠᠯᠠᠯᠭ᠎ᠠ ᠬᠢᠵᠦ ᠪᠠᠶᠢᠭ᠎ᠠ ᠠᠵᠠᠢ ᠃
ᠥᠩᠭᠡᠷᠡᠭᠰᠡᠨ ᠨᠢᠭᠡᠳᠦᠭᠡᠷ ᠰᠠᠷ᠎ᠠ ᠳᠤ ᠲᠦᠷᠭᠡᠨ ᠠᠭᠤᠯᠠ ᠶᠢᠨ ᠳᠠᠷᠬᠠᠨ ᠴᠠᠭᠠᠵᠠᠲᠤ ᠭᠠᠵᠠᠷ ᠤᠨ ᠭᠣᠭᠣᠵᠢᠭᠤᠷ ᠬᠡᠰᠡᠭ ᠦᠨ ᠣᠲᠣᠷ ᠤᠨ ᠬᠠᠪᠴᠢᠯ᠂ ᠵᠣᠳᠣᠪ ᠤᠨ ᠮᠤᠬᠤᠷ ᠬᠡᠮᠡᠬᠦ ᠭᠠᠵᠠᠷ ᠤᠳ ᠲᠤ ᠺᠠᠮᠧᠷ ᠲᠠᠯᠪᠢᠭᠰᠠᠨ ᠪᠥᠭᠡᠳ ᠡᠨᠡᠬᠦ ᠺᠠᠮᠧᠷ ᠲᠤ ᠴᠣᠬᠣᠷ ᠢᠷᠪᠢᠰ ᠦᠨ ᠳᠥᠷᠪᠡᠨ ᠪᠢᠴᠢᠯᠭᠡ ᠪᠢᠴᠢᠭᠳᠡᠭᠰᠡᠨ ᠪᠠᠶᠢᠨ᠎ᠠ᠃ ᠡᠭᠦᠨ ᠡᠴᠡ ᠭᠠᠳᠠᠨ᠎ᠠ ᠲᠡᠰ ᠦᠨ ᠭᠣᠣᠯ ᠤᠨ ᠪᠠᠶᠢᠭᠠᠯᠢ ᠶᠢᠨ ᠨᠥᠭᠡᠴᠡ ᠭᠠᠵᠠᠷ ᠲᠤ ᠠᠽᠢᠶ᠎ᠠ ᠶᠢᠨ ᠮᠢᠨᠵᠢ ᠶᠢᠨ  ᠰᠤᠳᠤᠯᠭᠠᠨ ᠬᠢᠬᠦ ᠳᠦ 26 ᠪᠦᠯᠢ ᠮᠢᠨᠵᠢ ᠲᠣᠭᠠᠯᠠᠭᠳᠠᠵᠠᠢ᠃ ᠲᠠᠷᠬᠠᠴᠠ ᠶᠢᠨ ᠬᠤᠪᠢ ᠳᠤ ᠰᠢᠨ᠎ᠡ ᠪᠡᠷ 6 ᠪᠦᠯᠢ ᠲᠡᠮᠳᠡᠭᠯᠡᠭᠳᠡᠭᠰᠡᠨ ᠪᠠ ᠲᠣᠭ᠎ᠠ ᠲᠣᠯᠣᠭᠠᠢ ᠶᠢᠨ ᠬᠤᠪᠢ ᠳᠤ 100-120 ᠮᠢᠨᠵᠢ ᠲᠡᠰ ᠦᠨ ᠭᠣᠣᠯ ᠳᠠᠭᠠᠤ ᠠᠮᠢᠳᠤᠷᠠᠵᠤ ᠪᠠᠶᠢᠭ᠎ᠠ ᠠᠵᠠᠢ ᠃ ᠥᠩᠭᠡᠷᠡᠭᠰᠡᠨ 5 ᠳ᠋ᠤᠭᠠᠷ ᠰᠠᠷ᠎ᠠ ᠶᠢᠨ 15-21 ᠍ ᠦ ᠡᠳᠦᠷ ᠬᠢᠭᠰᠡᠨ ᠤᠪᠰᠤ ᠨᠠᠭᠤᠷ᠂ ᠲᠡᠭᠦᠨ ᠦ ᠤᠰᠤ  ᠨᠠᠮᠤᠭᠲᠤ ᠭᠠᠵᠠᠷ ᠤᠨ ᠤᠰᠤᠨ ᠤ ᠰᠢᠪᠠᠭᠤᠳ ᠤᠨ ᠰᠤᠳᠤᠯᠭᠠᠨ ᠢᠶᠠᠷ ᠳᠠᠪᠤᠰᠤᠲᠤ ᠰᠤᠮᠤ ᠶᠢᠨ ᠲᠣᠷᠬᠢᠯᠠᠭ ᠬᠡᠰᠡᠭ ᠦᠨ ᠬᠠᠲᠠᠭᠤ ᠶᠢᠨ ᠠᠳᠠᠭ ᠠᠴᠠ ᠲᠡᠰ ᠰᠤᠮᠤ ᠶᠢᠨ ᠵᠢᠷᠡᠭ ᠭᠣᠣᠯ ᠤᠨ ᠠᠳᠠᠭ ᠬᠦᠷᠲᠡᠯᠡᠬᠢ ᠨᠡᠶᠢᠲᠡ ᠳᠦ ᠪᠡᠨ 30 ᠴᠡᠭ ᠲᠦ 33 ᠵᠦᠢᠯ ᠦᠨ 21613 ᠲᠣᠯᠣᠭᠠᠢ ᠰᠢᠪᠠᠭᠤ ᠪᠦᠷᠢᠳᠬᠡᠭᠳᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ