︽ ᠴᠠᠢ ᠶᠢᠨ ᠵᠠᠮ︾ ᠤᠨ ᠲᠤᠬᠠᠢ ᠯᠸᠺᠼ ᠤᠩᠰᠢᠪᠠ  | News.MN

 ︽ ᠴᠠᠢ ᠶᠢᠨ ᠵᠠᠮ︾ ᠤᠨ ᠲᠤᠬᠠᠢ ᠯᠸᠺᠼ ᠤᠩᠰᠢᠪᠠ 

ᠳᠣᠷᠣᠨ᠎ᠠ ᠠᠴᠠ ᠥᠷᠥᠨ᠎ᠡ ᠶᠢ ᠬᠣᠯᠪᠣᠭᠰᠠᠨ ᠮᠣᠷᠢᠨ ᠥᠷᠲᠡᠭᠡ᠂ ᠵᠢᠩ ᠬᠥᠰᠬᠡ ᠶᠢᠨ ᠵᠠᠮ ᠪᠤᠢ ︽ᠴᠠᠢ ᠶᠢᠨ ᠵᠠᠮ︾ ᠤᠨ ᠰᠡᠳᠦᠪᠲᠦ ᠢᠯᠡᠳᠬᠡᠯ ᠯᠸᠺᠼ ᠰᠠᠶᠢᠨᠱᠠᠩᠳᠠ ᠶᠢᠨ ︽ᠰᠠᠷᠠᠨ ᠬᠦᠬᠦᠭᠡ︾ ᠲᠢᠶᠠᠲ᠋ᠷ ᠲᠤ ᠪᠣᠯᠤᠯ᠎ᠠ᠃ ᠢᠯᠡᠳᠬᠡᠯ ᠯᠧᠺᠼ ᠲᠦ ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ  ᠰᠢᠨᠵᠢᠯᠡᠬᠦ ᠤᠬᠠᠭᠠᠨ ᠤ ᠰᠤᠷᠭᠠᠭᠤᠯᠢ ᠶᠢᠨ ᠠᠽᠢᠶ᠎ᠠ ᠰᠤᠳᠤᠯᠤᠯ ᠤᠨ ᠲᠡᠩᠬᠢᠮ ᠦᠨ ᠳ᠋ᠣᠺᠲ᠋ᠣᠷ᠂ ᠳᠡᠳ᠋ ᠫᠷᠣᠹᠧᠰᠰᠣᠷ ᠱ∙ᠡᠭᠡᠰᠢᠭ ᠤᠷᠢᠯᠭ᠎ᠠ ᠪᠠᠷ ᠣᠷᠣᠯᠴᠠᠨ ᠠᠶᠠᠯᠠᠯ ᠵᠢᠭᠤᠯᠴᠢᠯᠠᠯ ᠤᠨ ᠴᠢᠭᠯᠡᠯ ᠢᠶᠡᠷ ᠦᠢᠯᠡ ᠠᠵᠢᠯᠯᠠᠭ᠎ᠠ ᠶᠠᠪᠤᠭᠤᠯᠳᠠᠭ ᠠᠵᠤ ᠠᠬᠤᠢ ᠶᠢᠨ ᠨᠢᠭᠡᠴᠡ᠂ ᠢᠷᠭᠡᠳ᠂ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠨᠤᠭᠤᠳ ᠤᠨ ᠪᠠᠭᠰᠢ ᠨᠠᠷ ᠲᠤ  ᠴᠠᠢ ᠶᠢᠨ ᠵᠠᠮ ᠤᠨ ᠭᠣᠣᠯ ᠮᠠᠷᠱᠷᠦ᠋ᠲ᠂ ᠡᠳ᠋ ᠦᠨ ᠵᠠᠰᠠᠭ ᠨᠡᠶᠢᠭᠡᠮ ᠤᠨ ᠦᠷ᠎ᠡ ᠨᠥᠯᠥᠭᠡ᠂ ᠰᠤᠶᠤᠯ ᠤᠨ ᠲᠠᠯ᠎ᠠ ᠪᠠᠷ ᠰᠣᠨᠢᠷᠬᠠᠯᠲᠠᠢ ᠮᠡᠳᠡᠭᠡᠯᠡᠯ ᠬᠦᠷᠭᠡᠭᠰᠡᠨ ᠪᠠᠶᠢᠨ᠎ᠠ᠃
ᠴᠠᠢ ᠶᠢᠨ ᠵᠠᠮ ᠨᠢ ᠬᠢᠲᠠᠳ ᠤᠨ ᠡᠦ ᠢ ᠱᠠᠨ ᠠᠭᠤᠯᠠ ᠶᠢᠨ ᠴᠠᠢ ᠶᠢᠨ ᠲᠠᠷᠢᠶᠠᠯᠠᠩ ᠬᠥᠭᠵᠢᠭᠰᠡᠨ ᠨᠤᠲᠤᠭ ᠠᠴᠠ ᠭᠠᠷᠴᠤ᠂ ᠣᠯᠠᠨ ᠰᠠᠭᠤᠷᠢᠨ ᠲᠣᠰᠬᠣᠳ ᠢ ᠳᠠᠮᠵᠢᠭᠰᠠᠭᠠᠷ ᠥᠨᠥ ᠶᠢᠨ ᠬᠦᠬᠡᠬᠤᠲᠠ ᠣᠷᠴᠢᠮ ᠤᠨ ᠨᠤᠲᠤᠭ᠂ ᠡᠷᠢᠶᠡᠨ ᠨᠠᠭᠤᠷ᠂ ᠰᠠᠶᠢᠷ ᠤᠰᠤ᠂ ᠶᠡᠬᠡ ᠬᠦᠷᠢᠶ᠎ᠡ᠂ ᠬᠢᠶᠠᠭᠲᠤ ᠪᠠᠷ ᠳᠠᠮᠵᠢᠨ ᠰᠢᠪᠸᠷᠢᠶ᠎ᠠ ᠶᠢᠨ ᠠᠭᠤᠳᠠᠮ ᠨᠤᠲᠤᠭ ᠢᠶᠠᠷ ᠭᠠᠷᠴᠤ᠂ ᠣᠷᠣᠰ ᠤᠨ ᠨᠤᠲᠤᠭ ᠤᠨ ᠭᠦᠨ ᠳᠦ ᠬᠦᠷᠴᠦ ᠪᠠᠶᠢᠭᠰᠠᠨ ᠠᠵᠠᠢ ᠃ ᠴᠠᠢ ᠨᠡᠶᠢᠯᠡᠭᠦᠯᠦᠭᠴᠢ ᠨᠢ ᠬᠢᠲᠠᠳ ᠤᠨ ᠴᠠᠢ ᠶᠢᠨ ᠬᠤᠳᠠᠯᠳᠤᠭᠠᠴᠢᠳ᠂ ᠳᠠᠮᠵᠢᠭᠤᠯᠤᠨ ᠲᠡᠭᠡᠭᠡᠪᠦᠷᠢᠯᠡᠭᠴᠢ ᠨᠢ ᠮᠣᠩᠭᠣᠯ ᠤᠨ ᠵᠢᠩᠴᠢᠳ᠂ ᠭᠣᠣᠯ ᠬᠡᠷᠡᠭᠴᠡᠭᠡ ᠨᠢ ᠣᠷᠣᠰ ᠤᠨ ᠬᠤᠳᠠᠯᠳᠤᠭᠠᠴᠢᠳ ᠢᠶᠠᠷ ᠳᠠᠮᠵᠢᠨ ᠣᠷᠣᠰ ᠪᠣᠯᠤᠨ ᠧᠦ᠋ᠷᠣᠫᠠ ᠶᠢᠨ ᠬᠡᠷᠡᠭᠯᠡᠭᠴᠢᠳ ᠲᠦ ᠣᠴᠢᠳᠠᠭ ᠪᠠᠶᠢᠵᠠᠢ᠃

ᠰᠡᠳᠬᠢᠭᠳᠡᠯ ᠦᠯᠡᠳᠡᠭᠡᠬᠦ