ᠡᠮᠡᠭᠲᠡᠢ ᠪᠠᠭ ᠠᠩᠬᠠᠨ ᠤ ᠬᠤᠵᠢᠯ ᠢᠶᠠᠨ ᠠᠪᠴᠠᠢ  | News.MN

ᠡᠮᠡᠭᠲᠡᠢ ᠪᠠᠭ ᠠᠩᠬᠠᠨ ᠤ ᠬᠤᠵᠢᠯ ᠢᠶᠠᠨ ᠠᠪᠴᠠᠢ 

ᠣᠯᠠᠨ ᠤᠯᠤᠰ ᠤᠨ ᠰᠠᠭᠰᠤᠨ ᠪᠥᠮᠪᠥᠭᠡ ᠶᠢᠨ ᠬᠣᠯᠪᠣᠭᠠᠨ ᠤ 3x 3 ᠰᠠᠭᠰᠤᠨ ᠪᠥᠮᠪᠥᠭᠡ ᠶᠢᠨ ᠡᠮᠡᠭᠲᠡᠶᠢᠴᠦᠳ ᠦᠨ ᠳᠡᠯᠡᠬᠡᠢ ᠶᠢᠨ ᠭᠷᠡᠨᠫᠷᠢ ᠲᠡᠮᠡᠴᠡᠭᠡᠨ ᠥᠩᠭᠡᠷᠡᠭᠴᠢ ᠠᠮᠠᠷᠠᠯᠲᠠ ᠶᠢᠨ ᠡᠳᠦᠷ ᠦᠳ ᠲᠦ  ᠢᠲ᠋ᠠᠯᠢ ᠳᠤ ᠪᠣᠯᠤᠯ᠎ᠠ᠃ ᠤᠭ ᠲᠡᠮᠡᠴᠡᠭᠡᠨ ᠳᠦ ᠨᠡᠶᠢᠲᠡ ᠨᠠᠢᠮᠠᠨ ᠪᠠᠭ ᠣᠷᠣᠯᠴᠠᠭᠰᠠᠨ ᠠᠴᠠ ᠮᠣᠩᠭᠣᠯ ᠤᠯᠤᠰ ᠤᠨ ᠪᠠᠭ ᠵᠢᠷᠭᠤᠳᠤᠭᠠᠷ ᠪᠠᠶᠢᠷᠢ ᠳᠤ ᠣᠷᠣᠯ᠎ᠠ᠃ ᠮᠣᠩᠭᠣᠯ ᠤᠨ ᠪᠠᠭ ᠬᠡᠰᠡᠭ ᠲᠦ ᠪᠡᠨ ᠠᠶᠢᠷᠯᠠᠨᠳ᠋ ᠢ 14᠄13 ᠍ ᠪᠠᠷ ᠪᠠᠭᠤᠯᠭᠠᠵᠤ᠂ ᠳᠡᠯᠡᠬᠡᠢ ᠶᠢᠨ ᠭᠷᠡᠨᠫᠷᠢ ᠲᠡᠮᠡᠴᠡᠭᠡᠨ ᠦ ᠡᠬᠢᠨ ᠦ ᠬᠤᠵᠢᠯ ᠢᠶᠠᠨ ᠠᠪᠤᠭᠰᠠᠨ ᠨᠢ ᠲᠡᠦᠬᠡᠨ ᠬᠣᠵᠢᠯ ᠤᠨ ᠨᠢᠭᠡ ᠪᠣᠯᠵᠤ ᠪᠠᠶᠢᠨ᠎ᠠ᠃ ᠲᠡᠮᠡᠴᠡᠭᠡᠨ ᠳᠦ ᠹᠷᠠᠨᠼᠢ᠂ ᠢᠲ᠋ᠠᠯᠢ᠂ ᠠᠮᠧᠷᠢᠺᠠ ᠶᠢᠨ ᠪᠠᠭ ᠤᠳ ᠡᠬᠢᠨ ᠦ ᠭᠤᠷᠪᠠᠨ ᠪᠠᠶᠢᠷᠢ ᠳᠤ ᠣᠷᠣᠭᠰᠠᠨ ᠪᠠᠶᠢᠨ᠎ᠠ᠃
FIBA 3×3 ᠡᠮᠡᠭᠲᠡᠶᠢᠴᠦᠳ ᠦᠨ ᠮᠡᠷᠭᠡᠵᠢᠯ ᠦᠨ ᠳᠡᠯᠡᠬᠡᠢ ᠶᠢᠨ ᠭᠷᠡᠨᠫᠷᠢ ᠲᠡᠮᠡᠴᠡᠭᠡᠨ ᠢ ᠡᠨᠡ ᠵᠢᠯ ᠡᠴᠡ ᠬᠢᠵᠦ ᠡᠬᠢᠯᠡᠭᠰᠡᠨ᠃ 3x 3 ᠰᠠᠭᠰᠤᠨ ᠪᠥᠮᠪᠥᠭᠡ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠮᠠᠷᠭᠠᠰᠢ ᠬᠤᠯᠯᠠᠨᠳ᠋ ᠤᠨ ᠠᠮᠰᠲᠷᠧᠷᠳᠠᠮ ᠬᠤᠳᠠ ᠳᠤ ᠪᠣᠯᠤᠨ᠎ᠠ᠃ ᠲᠡᠮᠡᠴᠡᠭᠡᠨ ᠳᠦ ᠡᠷᠡᠭᠲᠡᠢ᠂ ᠡᠮᠡᠭᠲᠡᠢ ᠲᠤᠰ ᠪᠦᠷᠢ 20 ᠤᠯᠤᠰ ᠤᠨ ᠰᠢᠭᠰᠢᠭᠡ ᠪᠠᠭ ᠦᠷᠢᠰᠦᠯᠳᠦᠬᠦ ᠪᠥᠭᠡᠳ ᠮᠣᠩᠭᠣᠯ ᠤᠯᠤᠰ ᠤᠨ ᠪᠠᠭ ᠤᠳ ᠪᠠᠭᠲᠠᠭᠰᠠᠨ ᠪᠢᠯᠡ᠃

ᠰᠡᠳᠬᠢᠭᠳᠡᠯ ᠦᠯᠡᠳᠡᠭᠡᠬᠦ