ᠳᠥᠷᠪᠡᠨ ᠲᠠᠬᠢ ᠨᠤᠲᠤᠭᠰᠢᠭᠤᠯᠤᠨ᠎ᠠ  | News.MN

ᠳᠥᠷᠪᠡᠨ ᠲᠠᠬᠢ ᠨᠤᠲᠤᠭᠰᠢᠭᠤᠯᠤᠨ᠎ᠠ 

ᠭᠣᠪᠢ ᠶᠢᠨ ᠶᠡᠬᠡ ᠳᠠᠷᠬᠠᠨ ᠴᠠᠭᠠᠵᠠᠲᠤ ᠭᠠᠵᠠᠷ ᠤᠨ B ᠬᠡᠰᠡᠭ ᠲᠦ ᠬᠠᠮᠢᠶᠠᠷᠬᠤ ᠬᠣᠪᠳᠣ ᠠᠶᠢᠮᠠᠭ ᠤᠨ ᠦᠶᠡᠩᠴᠢ᠂ ᠠᠯᠲᠠᠢ ᠰᠤᠮᠤ ᠶᠢᠨ ᠨᠤᠲᠤᠭ ᠲᠤ ᠳᠥᠷᠪᠡᠨ ᠲᠠᠬᠢ ︵ᠭᠡᠭᠦᠦ︶ ᠨᠤᠲᠤᠭᠰᠢᠭᠤᠯᠬᠤ ᠪᠠᠷ ᠲᠥᠯᠥᠪᠯᠡᠵᠦ ᠪᠠᠶᠢᠨ᠎ᠠ᠃ ᠣᠯᠠᠨ ᠤᠯᠤᠰ ᠤᠨ ᠲᠠᠬᠢ ᠭᠷᠦ᠋ᠫ ᠨᠢ ᠮᠣᠩᠭᠣᠯ ᠤᠯᠤᠰ ᠤᠨ ᠵᠠᠰᠠᠭ ᠤᠨ ᠭᠠᠵᠠᠷ ᠂ ᠪᠦᠭᠦᠳᠡ ᠨᠠᠶᠢᠷᠠᠮᠳᠠᠬᠤ ᠴᠸᠬᠤ᠋ ᠤᠯᠤᠰ ᠤᠨ ︽ᠬᠥᠭᠵᠢᠯ ᠦᠨ ᠬᠠᠮᠲᠤ ᠶᠢᠨ ᠠᠵᠢᠯᠯᠠᠭ᠎ᠠ︾ ᠶᠢᠨ ᠬᠦᠷᠢᠶᠡᠨ ᠳᠦ ᠬᠣᠪᠣᠷᠳᠠᠭᠰᠠᠨ ᠠᠩ ᠠᠮᠢᠲᠠᠳ ᠢ ᠨᠥᠬᠥᠨ ᠦᠷᠡᠵᠢᠭᠦᠯᠬᠦ᠂ ᠬᠠᠶᠢᠷᠠᠯᠠᠨ ᠬᠠᠮᠠᠭᠠᠯᠠᠬᠤ ᠵᠣᠷᠢᠯᠭ᠎ᠠ ᠪᠠᠷ 2001 ᠣᠨ ᠠᠴᠠ ᠡᠬᠢᠯᠡᠨ ︽ᠮᠣᠩᠭᠣᠯ ᠳᠤ ᠲᠠᠬᠢ ᠡᠷᠭᠢᠨ ᠨᠤᠲᠤᠭᠰᠢᠭᠤᠯᠬᠤ᠂ ᠬᠠᠮᠠᠭᠠᠯᠠᠬᠤ ︾ ᠲᠥᠰᠥᠯ ᠬᠡᠷᠡᠭᠵᠢᠭᠦᠯᠵᠦ ᠪᠠᠶᠢᠨ᠎ᠠ᠃ ᠡᠨᠡ ᠬᠦᠷᠢᠶᠡᠨ ᠳᠦ ᠪᠦᠭᠦᠳᠡ ᠨᠠᠶᠢᠷᠠᠮᠳᠠᠬᠤ ᠴᠸᠬᠤ᠋ ᠤᠯᠤᠰ ᠤᠨ ᠫᠠᠷᠭ᠎ᠠ ᠬᠣᠲᠠ ᠶᠢᠨ ᠠᠮᠢᠲᠠᠨ ᠤ ᠬᠦᠷᠢᠶᠡᠯᠡᠩ ᠡᠴᠡ 32 ᠲᠠᠬᠢ ᠶᠢ ᠭᠣᠪᠢ ᠶᠢᠨ ᠶᠡᠬᠡ ᠳᠠᠷᠬᠠᠨ ᠴᠠᠭᠠᠵᠠᠲᠤ ᠭᠠᠵᠠᠷ ᠤᠨB ᠬᠡᠰᠡᠭ ᠲᠦ ᠨᠤᠲᠤᠭᠰᠢᠭᠤᠯᠵᠤ ᠪᠠᠶᠢᠭᠰᠠᠨ᠃ ᠲᠡᠭᠡᠪᠡᠯ ᠡᠨᠡ ᠰᠠᠷ᠎ᠠ ᠶᠢᠨ 19 ᠦ ᠡᠳᠦᠷ ᠳᠥᠷᠪᠡᠨ ᠲᠠᠬᠢ ᠶᠢ ᠤᠨᠠᠭᠠᠨ ᠪᠠᠶᠢᠭᠠᠯᠢ ᠳᠤ ᠨᠢ ᠠᠪᠴᠢᠷᠠᠬᠤ ᠶᠤᠮ᠃
ᠳᠥᠷᠪᠡᠨ ᠲᠠᠬᠢ ᠶᠢ ᠴᠸᠬᠤ᠋ ᠤᠯᠤᠰ ᠤᠨ ᠴᠡᠷᠢᠭ ᠦᠨ ᠨᠢᠰᠬᠦ ᠬᠦᠴᠦᠨ ᠦ Casa ᠠᠭᠠᠷ ᠤᠨ ᠬᠥᠯᠥᠭ ᠣᠩᠭᠣᠴᠠ ᠪᠠᠷ ᠮᠣᠩᠭᠣᠯ ᠤᠷᠤᠭᠤ ᠲᠡᠭᠡᠭᠡᠪᠦᠷᠢᠯᠡᠵᠦ᠂ ᠬᠣᠪᠳᠣ ᠠᠶᠢᠮᠠᠭ ᠤᠨ ᠪᠤᠯᠠᠭᠠᠨ ᠰᠤᠮᠤᠨ ᠳᠤ ᠠᠪᠴᠢᠷᠠᠨ ᠲᠡᠨᠳᠡ ᠡᠴᠡ ᠪᠡᠨ ᠮᠠᠰᠢᠨ ᠢᠶᠠᠷ ᠨᠤᠲᠤᠭᠰᠢᠭᠤᠯᠬᠤ ᠭᠠᠵᠠᠷ ᠲᠤ ᠬᠦᠷᠭᠡᠨ᠎ᠡ᠃ ᠭᠣᠪᠢ ᠶᠢᠨ ᠶᠡᠬᠡ ᠳᠠᠷᠬᠠᠨ ᠴᠠᠭᠠᠵᠠᠲᠤ ᠭᠠᠵᠠᠷ ᠤᠨB ᠬᠡᠰᠡᠭ ᠲᠦ ᠥᠩᠭᠡᠷᠡᠭᠰᠡᠨ ᠣᠨ ᠳᠤ 230 ᠣᠷᠴᠢᠮ ᠲᠠᠬᠢ ᠨᠤᠲᠤᠭᠰᠢᠵᠤ ᠪᠠᠶᠢᠭᠰᠠᠨ᠃ ᠲᠡᠭᠡᠪᠡᠯ ᠡᠨᠡ ᠬᠠᠪᠤᠷ 40 ᠭᠠᠷᠤᠢ ᠭᠡᠭᠦᠦ ᠤᠨᠠᠭᠠᠯᠠᠵᠤ᠂ ᠲᠠᠬᠢ ᠶᠢᠨ ᠲᠣᠭ᠎ᠠ ᠲᠣᠯᠣᠭᠠᠢ 270 ᠭᠠᠷᠤᠢ ᠪᠣᠯᠵᠤ ᠥᠰᠴᠠᠢ᠃

ᠰᠡᠳᠬᠢᠭᠳᠡᠯ ᠦᠯᠡᠳᠡᠭᠡᠬᠦ