ᠨᠣᠮ ᠤᠨ ᠰᠠᠩ ᠳᠤ 10 ᠰᠠᠶ᠎ᠠ ᠲᠥᠭᠥᠷᠢᠭ ᠦᠨ ᠨᠣᠮ ᠣᠯᠭᠤᠵᠠᠢ  | News.MN

ᠨᠣᠮ ᠤᠨ ᠰᠠᠩ ᠳᠤ 10 ᠰᠠᠶ᠎ᠠ ᠲᠥᠭᠥᠷᠢᠭ ᠦᠨ ᠨᠣᠮ ᠣᠯᠭᠤᠵᠠᠢ 

ᠭᠣᠪᠢ-ᠠᠯᠲᠠᠢ ᠠᠶᠢᠮᠠᠭ ᠤᠨ ᠨᠤᠲᠤᠭ ᠤᠨ ᠵᠥᠪᠯᠡᠯ ᠡᠴᠡ ᠭᠤᠷᠪᠠᠳᠠᠬᠢ ᠵᠢᠯ ᠳᠦ ᠪᠡᠨ ᠬᠡᠷᠡᠭᠵᠢᠭᠦᠯᠵᠦ ᠪᠤᠢ ︽ᠨᠣᠮ ᠲᠠᠢ ᠨᠥᠬᠥᠷᠯᠡᠶ᠎ᠡ ︾ ᠠᠶᠠᠨ ᠤ ᠬᠦᠷᠢᠶᠡᠨ ᠳᠦ 2019 ᠣᠨ ᠳᠤ ᠨᠡᠶᠢᠲᠡ ᠰᠤᠮᠤ ᠶᠢᠨ ᠰᠤᠷᠭᠠᠭᠤᠯᠢ ᠶᠢᠨ ᠨᠣᠮ ᠤᠨ ᠰᠠᠩ ᠳᠤ 10 ᠰᠠᠶ᠎ᠠ ᠲᠥᠭᠥᠷᠢᠭ ᠦᠨ ᠨᠣᠮ ᠣᠯᠭᠤᠯ᠎ᠠ᠃
ᠤᠭ ᠵᠥᠪᠯᠡᠯ ᠡᠴᠡ  ᠭᠤᠷᠪᠠᠳᠠᠬᠢ ᠵᠢᠯ ᠳᠦ ᠪᠡᠨ ᠬᠡᠷᠡᠭᠵᠢᠭᠦᠯᠵᠦ ᠪᠤᠢ ᠡᠨᠡᠬᠦ ᠠᠶᠠᠨ ᠤ ᠬᠦᠷᠢᠶᠡᠨ ᠳᠦ ᠲᠤᠰ ᠵᠥᠪᠯᠡᠯ ᠦᠨ ᠤᠳᠤᠷᠢᠳᠬᠤ ᠵᠥᠪᠯᠡᠯ ᠦᠨ ᠭᠡᠰᠢᠭᠦᠳ ᠲᠡᠷᠢᠭᠦᠯᠡᠭᠴᠢᠳ ᠦᠨ ᠰᠠᠩᠬᠦᠦᠵᠢᠯᠲᠠ ᠂ ᠰᠠᠶᠢᠬᠠᠨ ᠰᠡᠳᠬᠢᠯ ᠢᠶᠡᠷ 2017᠂ 2018᠂ 2019 ᠣᠨ ᠳᠤ 30 ᠰᠠᠶ᠎ᠠ ᠲᠥᠭᠥᠷᠢᠭ ᠦᠨ ᠨᠣᠮ ᠬᠠᠨᠳᠢᠪᠯᠠᠭᠰᠠᠨ ᠪᠠᠶᠢᠨ᠎ᠠ᠃ ᠡᠨᠡ ᠤᠳᠠᠭ᠎ᠠ ᠳᠡᠯᠡᠬᠡᠢ ᠶᠢᠨ ᠪᠣᠯᠤᠨ ᠮᠣᠩᠭᠣᠯ ᠤᠨ ᠰᠣᠩᠭᠣᠳᠠᠭ ᠵᠣᠬᠢᠶᠠᠯ ᠪᠦᠲᠦᠭᠡᠯ ᠦᠳ ᠢ ᠬᠡᠦᠬᠡᠳ ᠪᠠᠭᠠᠴᠤᠳ ᠢᠶᠠᠷ ᠢᠶᠠᠨ ᠤᠩᠰᠢᠭᠤᠯᠵᠤ᠂ ᠣᠶᠤᠨ ᠤ ᠴᠠᠷ᠎ᠠ ᠬᠦᠷᠢᠶ᠎ᠡ ᠶᠢ ᠲᠡᠯᠡᠬᠦ ᠤᠷᠠᠨ ᠪᠦᠲᠦᠭᠡᠯ ᠦᠨ ᠳᠡᠭᠡᠵᠢᠰ ᠢ ᠣᠯᠭᠤᠵᠠᠢ᠃

ᠰᠡᠳᠬᠢᠭᠳᠡᠯ ᠦᠯᠡᠳᠡᠭᠡᠬᠦ