ᠲᠡᠦᠬᠡ ᠰᠤᠶᠤᠯ ᠤᠨ ᠳᠤᠷᠠᠰᠬᠠᠯ ᠤᠳ ᠢ ᠪᠠᠷᠢᠮᠲᠠᠵᠢᠭᠤᠯᠤᠯ᠎ᠠ  | News.MN

ᠲᠡᠦᠬᠡ ᠰᠤᠶᠤᠯ ᠤᠨ ᠳᠤᠷᠠᠰᠬᠠᠯ ᠤᠳ ᠢ ᠪᠠᠷᠢᠮᠲᠠᠵᠢᠭᠤᠯᠤᠯ᠎ᠠ 

ᠰᠤᠶᠤᠯ ᠤᠨ ᠪᠡᠶᠡᠲᠦ ᠥᠪ ᠢ ᠰᠡᠷᠭᠦᠭᠡᠨ ᠵᠠᠰᠠᠪᠤᠷᠢᠯᠠᠬᠤ ᠭᠠᠵᠠᠷ ᠠᠴᠠ ︽ᠴᠢᠯᠠᠭᠤᠨ ᠰᠤᠶᠤᠯ ᠤᠨ ᠥᠪ ︾ ᠬᠥᠲᠥᠯᠪᠦᠷᠢ ᠶᠢᠨ ᠬᠡᠷᠡᠭᠵᠢᠯᠲᠡ ᠶᠢ ᠬᠠᠩᠭᠠᠬᠤ ᠠᠵᠢᠯ ᠤᠨ ᠬᠦᠷᠢᠶᠡᠨ ᠳᠦ ᠳᠤᠮᠳᠠᠭᠤᠪᠢ ᠠᠶᠢᠮᠠᠭ ᠤᠨ ᠳᠡᠯᠭᠡᠷᠬᠠᠩᠭᠠᠢ ᠰᠤᠮᠤ ᠶᠢᠨ ᠨᠤᠲᠤᠭ ᠲᠤ ᠤᠷᠤᠰᠢᠬᠤ ︽ᠪᠠᠷᠠᠭᠤᠨ ᠡᠯᠢᠭᠡᠨ ᠦ ᠪᠢᠴᠢᠭᠡᠰᠦ︾᠂ ᠥᠯᠵᠡᠶᠢᠲᠦ ᠰᠤᠮᠤ ᠶᠢᠨ ᠨᠤᠲᠤᠭ ᠲᠤ ᠤᠷᠤᠰᠢᠬᠤ ︽ᠳᠡᠯ ᠠᠭᠤᠯᠠ ᠶᠢᠨ 32 ᠬᠦᠮᠦᠨᠲᠦ︾ ᠵᠡᠷᠭᠡ ᠴᠢᠯᠠᠭᠤᠨ ᠳᠤᠷᠠᠰᠬᠠᠯ ᠤᠳ ᠠᠴᠠ 1᠄1 ᠬᠡᠮᠵᠢᠶ᠎ᠡ ᠲᠡᠢ ᠬᠡᠪ ᠠᠪᠴᠤ ᠪᠠᠷᠢᠮᠲᠠᠵᠢᠭᠤᠯᠤᠭᠰᠠᠨ ᠪᠥᠭᠡᠳ ᠡᠨᠡ ᠨᠢ ᠲᠡᠦᠬᠡ ᠰᠤᠶᠤᠯ ᠤᠨ ᠳᠤᠷᠠᠰᠬᠠᠯ ᠤᠳ ᠢ ᠪᠣᠳᠠᠲᠤ ᠪᠠᠶᠢᠳᠠᠯ ᠢᠶᠠᠷ ᠬᠠᠭᠤᠯᠵᠤ᠂ ᠬᠠᠳᠠᠭᠠᠯᠠᠬᠤ᠂ ᠦᠵᠡᠮᠦᠷᠢ ᠪᠣᠯᠭᠠᠨ ᠠᠰᠢᠭᠯᠠᠬᠤ ᠪᠣᠯᠤᠮᠵᠢ ᠪᠥᠷᠢᠳᠴᠦ ᠪᠠᠶᠢᠭ᠎ᠠ ᠠᠵᠠᠢ᠃
ᠳᠡᠯᠭᠡᠷᠬᠠᠩᠭᠠᠢ ᠰᠤᠮᠤ ᠶᠢᠨ ︽ᠪᠠᠷᠠᠭᠤᠨ ᠡᠯᠢᠭᠡᠨ ᠦ ᠪᠢᠴᠢᠭᠡᠰᠦ︾ ᠶᠢ ︽ᠴᠢᠩᠭᠢᠰ ᠬᠠᠭᠠᠨ︾ ᠳᠡᠭᠡᠳᠦ ᠰᠤᠷᠭᠠᠭᠤᠯᠢ ᠶᠢᠨ ᠡᠷᠳᠡᠮᠲᠡᠨ ᠪᠠᠭᠰᠢ ᠨᠠᠷ ᠦᠪᠦᠷ ᠮᠤᠩᠭᠤᠯ ᠤᠨ ᠶᠡᠬᠡ ᠰᠤᠷᠭᠠᠭᠤᠯᠢ ᠶᠢᠨ ᠪᠠᠭᠰᠢ ᠨᠠᠷ ᠲᠠᠢ ᠬᠠᠮᠲᠤᠷᠠᠨ ᠰᠤᠳᠤᠯᠵᠠᠢ᠃ ᠮᠦᠨ ᠲᠡᠳᠡ ᠤᠨᠤᠨ ᠤ ᠰᠠᠪᠠ᠂ ᠳᠡᠯᠭᠡᠷᠬᠠᠩᠭᠠᠢ ᠰᠤᠮᠤ ᠶᠢᠨ ᠣᠷᠴᠢᠮ ᠳᠤ ᠠᠷᠾᠸᠦᠯᠦᠭᠢ ᠶᠢᠨ ᠰᠤᠳᠤᠯᠭᠠᠨ ᠬᠢᠵᠦ᠂ ᠴᠢᠯᠠᠭᠤᠨ ᠵᠡᠪᠰᠡᠭ ᠦᠨ ᠦᠶ᠎ᠡ᠂ 40 ᠮᠢᠩᠭᠠᠨ ᠵᠢᠯ ᠦᠨ ᠡᠮᠦᠨᠡᠬᠢ ᠪᠠᠭᠤᠴᠠ ᠶᠢ ᠣᠯᠵᠤ ᠢᠯᠡᠷᠡᠭᠦᠯᠦᠭᠰᠡᠨ ᠪᠠᠶᠢᠨ᠎ᠠ᠃ ᠪᠢᠴᠢᠭᠡᠰᠦᠨ ᠳᠦ ᠡᠮᠦᠨᠡᠲᠦ ᠾᠦᠩᠨᠤ᠂ ᠤᠮᠠᠷᠠᠳᠤ ᠾᠦᠩᠨᠤ ᠬᠡᠷᠬᠢᠨ ᠪᠠᠶᠢᠯᠳᠤᠭᠰᠠᠨ ᠲᠤᠬᠠᠢ᠂ ᠲᠤᠬᠠᠢ ᠶᠢᠨ ᠲᠤᠯᠤᠭᠠᠨ ᠢ ᠬᠡᠨ ᠤᠳᠤᠷᠢᠳᠤᠭᠰᠠᠨ᠂ ᠬᠡᠳᠦᠢ ᠬᠡᠮᠵᠢᠶᠡᠨ ᠦ ᠬᠣᠣᠷ ᠬᠣᠬᠢᠷᠠᠯ ᠤᠴᠠᠷᠠᠭᠰᠠᠨ ᠲᠠᠯ᠎ᠠ ᠪᠠᠷ ᠪᠢᠴᠢᠭᠰᠡᠨ ᠪᠠᠶᠢᠳᠠᠭ ᠠᠵᠠᠢ᠃ ᠬᠠᠷᠢᠨ ︽ᠳᠡᠯ ᠠᠭᠤᠯᠠ ᠶᠢᠨ ᠬᠠᠳᠠᠨ ᠤ ᠵᠢᠷᠤᠭ︾  ᠢ ᠰᠤᠳᠤᠯᠬᠤ ᠠᠩᠬᠠᠨ ᠤ ᠱᠠᠩ ᠢ 1960 ᠣᠨ ᠳᠤ ᠳ∙ᠳᠣᠷᠵᠢ ᠨᠠᠷ ᠤᠨ ᠤᠳᠤᠷᠢᠳᠤᠭᠰᠠᠨ ᠮᠣᠩᠭᠣᠯ ᠵᠥᠪᠯᠡᠯᠲᠦ ᠶᠢᠨ ᠰᠢᠨᠵᠢᠯᠡᠭᠡᠨ ᠦ ᠠᠩᠭᠢ ᠶᠢᠨ ᠬᠢᠨ ᠲᠠᠯᠪᠢᠵᠠᠢ ᠃ ᠲᠡᠷᠡ ᠴᠠᠭ ᠠᠴᠠ ᠬᠣᠶᠢᠰᠢ ᠭᠠᠳᠠᠭᠠᠳᠤ ᠳᠣᠲᠣᠭᠠᠳᠤ ᠶᠢᠨ ᠣᠯᠠᠨ ᠰᠤᠳᠤᠯᠤᠭᠠᠴᠢ ᠳᠡᠯ ᠠᠭᠤᠯᠠ ᠶᠢᠨ ᠳᠤᠷᠠᠰᠬᠠᠯᠲᠤ ᠭᠠᠵᠠᠷ ᠣᠴᠢᠵᠤ  ᠰᠤᠳᠤᠯᠭᠠᠨ ᠢ ᠦᠷᠭᠦᠯᠵᠢᠯᠡᠭᠦᠯᠦᠨ ᠬᠢᠭᠰᠡᠭᠡᠷ  ᠡᠳᠦᠭᠡ ᠶᠢ ᠬᠦᠷᠦᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ