ᠬᠡᠢ ᠶᠢᠨ ᠳᠠᠰᠬᠠᠯ  ᠢᠶᠠᠷ ᠳᠣᠷᠣᠨᠠᠭᠣᠪᠢ ᠶᠢᠨ ᠲᠠᠮᠢᠷᠴᠢᠳ ᠮᠠᠩᠯᠠᠶᠢᠯᠠᠵᠠᠢ  | News.MN

ᠬᠡᠢ ᠶᠢᠨ ᠳᠠᠰᠬᠠᠯ  ᠢᠶᠠᠷ ᠳᠣᠷᠣᠨᠠᠭᠣᠪᠢ ᠶᠢᠨ ᠲᠠᠮᠢᠷᠴᠢᠳ ᠮᠠᠩᠯᠠᠶᠢᠯᠠᠵᠠᠢ 

ᠲᠠᠪᠤᠳᠠᠬᠢ ᠤᠳᠠᠭ᠎ᠠ ᠶᠢᠨ ︽ᠡᠷᠢᠶᠡᠨ- ᠵᠠᠮ ᠤᠨ ᠡᠭᠦᠳᠡ ᠶᠢᠨ ᠪᠦᠬᠦ ᠨᠡᠶᠢᠲᠡ ᠶᠢᠨ ᠢᠷᠭᠡᠳ ᠦᠨ ᠪᠡᠶ᠎ᠡ ᠴᠢᠬᠢᠷᠠᠭᠵᠢᠭᠤᠯᠬᠤ ︾ ᠲᠡᠮᠡᠴᠡᠭᠡᠨ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠡᠷᠢᠶᠡᠨ  ᠬᠤᠲᠠ  ᠳᠤ  ᠪᠤᠯᠪᠠ᠃ ᠲᠡᠮᠡᠴᠡᠭᠡᠨ ᠳᠦ ᠬᠣᠶᠠᠷ ᠤᠯᠤᠰ ᠤᠨ 320 ᠲᠠᠮᠢᠷᠴᠢᠨ ᠣᠷᠣᠯᠴᠠᠵᠤ ᠪᠤᠢ ᠠᠴᠠ ᠳᠣᠷᠣᠨᠠᠭᠣᠪᠢ ᠠᠶᠢᠮᠠᠭ ᠤᠨ ᠰᠠᠶᠢᠨᠱᠠᠩᠳᠠ᠂ ᠵᠠᠮ ᠤᠨ-ᠡᠭᠦᠳᠡ ᠵᠡᠷᠭᠡ ᠰᠤᠮᠤ ᠠᠴᠠ 29 ᠲᠠᠮᠢᠷᠴᠢᠨ ᠨᠠᠢᠮᠠᠨ ᠲᠥᠷᠥᠯ ᠦᠨ ᠰᠫᠣᠷᠲ ᠢᠶᠠᠷ ᠥᠷᠢᠰᠦᠯᠳᠦᠵᠦ ᠪᠤᠢ᠃
ᠰᠫᠣᠷᠲ ᠤᠨ ᠠᠷᠭ᠎ᠠ ᠬᠡᠮᠵᠢᠶᠡᠨ ᠦ ᠬᠡᠢ ᠶᠢᠨ ᠳᠠᠰᠬᠠᠯ ᠤᠨ ᠲᠦᠷᠦᠯ ᠳᠤ ᠳᠣᠷᠣᠨᠠᠭᠣᠪᠢ ᠠᠶᠢᠮᠠᠭ ᠤᠨ ᠬᠡᠢ ᠶᠢᠨ ᠳᠠᠰᠬᠠᠯ ᠤᠨ ᠬᠣᠯᠪᠣᠭᠠᠨ ᠤ ᠪᠠᠭ ᠲᠠᠮᠢᠷᠴᠢᠳ ᠠᠩᠬ᠎ᠠ ᠤᠳᠠᠭ᠎ᠠ ᠠᠮᠵᠢᠯᠲᠠᠲᠠᠢ ᠣᠷᠣᠯᠴᠠᠵᠤ ᠪᠠᠭ ᠢᠶᠠᠷ ᠢᠶᠠᠨ ᠠᠯᠲᠠᠨ ᠮᠧᠳᠠᠯ᠂ ᠭᠠᠭᠴᠠᠭᠠᠷᠴᠢᠯᠠᠭᠰᠠᠨ ᠲᠦᠷᠦᠯ ᠳᠤ ᠪᠠᠭ ᠤᠨ ᠭᠡᠰᠢᠭᠦᠨ ᠠᠶᠢᠮᠠᠭ ᠤᠨ ᠨᠢᠭᠡᠳᠦᠭᠰᠡᠨ ᠡᠮᠨᠡᠯᠭᠡ ᠶᠢᠨ ᠰᠤᠪᠢᠯᠠᠭᠴᠢ ᠫ∙ᠨᠢᠮᠠᠭᠠᠷᠪᠤ ᠮᠦᠩᠭᠦ ᠂ ᠬᠡᠢ ᠶᠢᠨ ᠳᠠᠰᠬᠠᠯ ᠤᠨ ᠰᠤᠷᠭᠠᠭᠴᠢ ᠪᠠᠭᠰᠢ ᠴ∙ᠨᠠᠷᠠᠨᠴᠡᠴᠡᠭ ᠬᠦᠷᠡᠯ ᠮᠧᠳᠠᠯ ᠲᠤᠰ ᠲᠤᠰ ᠬᠦᠷᠲᠡᠯ᠎ᠡ᠃

ᠰᠡᠳᠬᠢᠭᠳᠡᠯ ᠦᠯᠡᠳᠡᠭᠡᠬᠦ