ᠲᠠᠮᠢᠷᠴᠢᠳ ᠤᠨ ᠡᠮᠦᠰᠬᠡᠯ ᠮᠦᠽᠧᠢ ᠳᠦ ᠪᠠᠶᠢᠷᠢᠰᠢᠯ᠎ᠠ  | News.MN

ᠲᠠᠮᠢᠷᠴᠢᠳ ᠤᠨ ᠡᠮᠦᠰᠬᠡᠯ ᠮᠦᠽᠧᠢ ᠳᠦ ᠪᠠᠶᠢᠷᠢᠰᠢᠯ᠎ᠠ 

ᠮᠣᠩᠭᠣᠯ ᠤᠯᠤᠰ ᠤᠨ ᠰᠢᠭᠰᠢᠭᠡ ᠪᠠᠭ 2017 ᠣᠨ ᠤ FIBA 3×3 ᠠᠽᠢᠶ᠎ᠠ ᠲᠢᠪ ᠦᠨ ᠠᠪᠤᠷᠭᠤ ᠪᠣᠯᠤᠭᠰᠠᠨ ᠠᠮᠵᠢᠯᠲᠠ ᠪᠠᠷ ᠢᠶᠠᠨ ᠣᠯᠠᠨ ᠤᠯᠤᠰ ᠤᠨ ᠰᠠᠭᠰᠤᠨ ᠪᠥᠮᠪᠥᠭᠡ ᠶᠢᠨ ᠬᠣᠯᠪᠣᠭᠠᠨ ᠤ ᠮᠦᠽᠧᠢ ᠳᠦ ᠡᠮᠦᠰᠬᠡᠯ ᠢᠶᠠᠨ ᠡᠨᠡ ᠰᠠᠷ᠎ᠠ ᠶᠢᠨ 13 ᠤ ᠡᠳᠦᠷ ᠪᠠᠶᠢᠷᠢᠰᠢᠭᠤᠯᠤᠯ᠎ᠠ᠃ ᠵᠥᠪᠬᠡᠨ ᠠᠪᠤᠷᠭᠤ ᠪᠠᠭ ᠤᠳ ᠤᠨ ᠡᠮᠦᠰᠬᠡᠯ ᠡᠨᠡ ᠮᠦᠽᠧᠢ ᠳᠦ ᠪᠠᠶᠢᠷᠢᠰᠢᠳᠠᠭ ᠪᠥᠭᠡᠳ ᠮᠣᠩᠭᠣᠯᠴᠤᠳ ᠠᠪᠤᠷᠭᠤ ᠨᠤᠭᠤᠳ ᠤᠨ ᠡᠩᠨᠡᠭᠡᠨ ᠳᠦ ᠨᠢᠭᠡᠳᠴᠦ ᠮᠦᠽᠧᠢ ᠳᠦ ᠮᠥᠩᠬᠡᠷᠡᠯ᠎ᠡ᠃ FIBA 3×3 ᠨᠠᠰᠤᠨ ᠳᠤ ᠬᠦᠷᠦᠭᠰᠡᠳ ᠦᠨ ᠳᠡᠯᠡᠬᠡᠢ ᠶᠢᠨ ᠠᠪᠤᠷᠭᠤ  ᠨᠢᠳ᠋ᠸᠷᠯᠠᠨᠳ᠋ ᠤᠨ ᠠᠮᠰᠲ᠋ᠧᠷᠳᠠᠮ ᠬᠤᠲᠠ ᠳᠤ ᠡᠨᠡ ᠰᠠᠷ᠎ᠠ ᠶᠢᠨ 18-23 ᠤ ᠬᠣᠭᠣᠷᠣᠨᠳᠣ ᠪᠣᠯᠬᠤ ᠪᠥᠭᠡᠳ ᠮᠠᠨ ᠤ ᠡᠮᠡᠭᠲᠡᠢ᠂ ᠡᠷᠡᠭᠲᠡᠢ ᠲᠠᠮᠢᠷᠴᠢᠳ ᠤᠷᠤᠯᠴᠠᠬᠤ ᠶᠤᠮ᠃

ᠰᠡᠳᠬᠢᠭᠳᠡᠯ ᠦᠯᠡᠳᠡᠭᠡᠬᠦ