ᠮᠣᠩᠭᠣᠯ ᠤᠨ ᠬᠠᠮᠤᠭ ᠤᠨ ᠪᠦᠳᠦᠭᠦᠨ ᠮᠣᠳᠣ ᠪᠤᠶᠤ ᠬᠠᠭᠠᠨ ᠲᠣᠣᠷᠠᠢ  | News.MN

ᠮᠣᠩᠭᠣᠯ ᠤᠨ ᠬᠠᠮᠤᠭ ᠤᠨ ᠪᠦᠳᠦᠭᠦᠨ ᠮᠣᠳᠣ ᠪᠤᠶᠤ ᠬᠠᠭᠠᠨ ᠲᠣᠣᠷᠠᠢ 

ᠵᠡᠷᠭᠡᠯᠭᠡᠨ ᠲᠠᠲᠠᠭᠰᠠᠨ ᠦᠵᠡᠰᠬᠦᠯᠡᠩᠲᠦ ᠶᠡᠬᠡ ᠭᠣᠪᠢ ᠶᠢ ᠦᠵᠡᠬᠦ ᠶᠢᠨ ᠬᠠᠵᠠᠭᠤ ᠪᠠᠷ ᠭᠣᠪᠢ ᠶᠢᠨ ᠬᠠᠩᠭᠠᠢ ᠬᠡᠮᠡᠬᠦ ᠠᠪᠤᠷᠭᠤ ᠬᠠᠭᠠᠨ ᠲᠣᠣᠷᠠᠢ ᠮᠣᠳᠣ ᠶᠢ ᠪᠠᠶᠠᠨᠬᠣᠩᠭᠣᠷ ᠠᠶᠢᠮᠠᠭ ᠲᠤ ᠦᠵᠡᠬᠦ ᠪᠣᠯᠤᠮᠵᠢ ᠲᠠᠢ᠃ ᠥᠷᠭᠡᠨ ᠢᠶᠡᠷ ᠢᠶᠡᠨ ᠳᠣᠯᠣᠭᠠᠨ ᠮᠧᠲ᠋ᠷ ᠪᠦᠳᠦᠭᠦᠨ ᠲᠤᠰ ᠮᠣᠳᠣ ᠶᠢ ᠨᠠᠰᠤ ᠪᠡᠶ᠎ᠡ ᠳᠦ ᠬᠦᠷᠦᠭᠰᠡᠨ ᠲᠠᠪᠤᠨ ᠬᠦᠮᠦᠨ ᠠᠯᠳᠠᠯᠠᠭᠠᠳ ᠵᠣᠭᠰᠣᠬᠤ ᠳᠤ ᠭᠠᠷ ᠨᠢ ᠠᠷᠠᠶᠢᠬᠢᠵᠤ ᠱᠦᠷᠭᠦᠯᠴᠡᠳᠡᠭ ᠠᠵᠠᠢ ᠃
ᠬᠠᠭᠠᠨ ᠲᠣᠣᠷᠠᠢ ᠭᠡᠬᠦ ᠡᠨᠡᠬᠦ ᠮᠣᠳᠣ ᠪᠠᠶᠠᠨᠬᠣᠩᠭᠣᠷ ᠠᠶᠢᠮᠠᠭ ᠤᠨ ᠰᠢᠨ᠎ᠡ ᠵᠢᠩᠰᠡᠲᠦ ᠰᠤᠮᠤ ᠶᠢᠨ ᠲᠥᠪ ᠡᠴᠡ ᠤᠷᠳᠤ ᠵᠦᠭ ᠲᠦ 170 ᠺᠢᠯᠣᠮᠧᠲ᠋ᠷ ᠲᠤ ᠪᠤᠢ᠃ ᠭᠣᠪᠢ ᠶᠢᠨ ᠶᠡᠬᠡ ᠳᠠᠷᠬᠠᠨ ᠭᠠᠵᠠᠷ ᠤᠨ ᠪᠥᠰᠡ ᠳᠦ ᠪᠠᠭᠲᠠᠳᠠᠭ  ᠪᠠᠶᠢᠭᠠᠯᠢ ᠶᠢᠨ ᠦᠵᠡᠰᠬᠦᠯᠡᠩ ᠪᠦᠷᠢᠳᠦᠭᠰᠡᠨ ᠬᠠᠭᠠᠨ ᠲᠣᠣᠷᠠᠢ ᠮᠣᠳᠣᠨ ᠤ ᠣᠶᠢᠷᠠᠯᠴᠠᠭ᠎ᠠ ᠶᠡᠬᠡ ᠭᠣᠪᠢ ᠶᠢᠨ ᠲᠣᠮᠣᠬᠠᠨ ᠪᠠᠶᠠᠨ ᠪᠦᠷᠢᠳᠦ ᠨᠤᠭᠦᠳ ᠦᠨ ᠨᠢᠭᠡ ᠪᠣᠯᠬᠤ ᠡᠬᠢ ᠶᠢᠨ ᠭᠣᠣᠯ ᠤᠨ ᠦᠵᠡᠰᠬᠦᠯᠡᠩᠲᠦ  ᠪᠠᠶᠠᠨ ᠪᠦᠷᠢᠳᠤ ᠣᠷᠣᠰᠢᠳᠠᠭ᠃

ᠰᠡᠳᠬᠢᠭᠳᠡᠯ ᠦᠯᠡᠳᠡᠭᠡᠬᠦ