ᠨᠢᠺᠣᠯᠠᠰ ᠺᠸᠢᠢᠵ ᠲᠡᠢ ᠮᠣᠩᠭᠣᠯ ᠤᠨ ᠵᠠᠰᠠᠭ ᠤᠨ ᠭᠠᠵᠠᠷ ᠵᠠᠷᠭᠤᠯᠳᠤᠵᠠᠢ  | News.MN

ᠨᠢᠺᠣᠯᠠᠰ ᠺᠸᠢᠢᠵ ᠲᠡᠢ ᠮᠣᠩᠭᠣᠯ ᠤᠨ ᠵᠠᠰᠠᠭ ᠤᠨ ᠭᠠᠵᠠᠷ ᠵᠠᠷᠭᠤᠯᠳᠤᠵᠠᠢ 

ᠬᠤᠯᠯᠢᠸᠤᠳ᠋ ᠤᠨ ᠠᠯᠳᠠᠷᠲᠤ ᠵᠦᠴᠦᠭᠡᠴᠢᠨ ᠨᠢᠺᠣᠯᠠᠰ ᠺᠸᠢᠢᠵ ᠲᠡᠢ ᠮᠣᠩᠭᠣᠯ ᠤᠨ ᠵᠠᠰᠠᠭ ᠤᠨ ᠭᠠᠵᠠᠷ  ᠵᠠᠷᠭᠤᠯᠳᠤᠵᠤ ᠢᠯᠠᠯᠲᠠ ᠪᠠᠶᠢᠭᠤᠯᠵᠠᠢ᠃ 2014 ᠣᠨ ᠳᠤ ᠪᠸᠢᠷᠯᠢ ᠾᠢᠯᠰ ᠲᠦ ᠪᠣᠯᠤᠭᠰᠠᠨ ᠳᠠᠭᠤᠳᠠᠯᠭ᠎ᠠ ᠬᠤᠳᠠᠯᠳᠤᠭᠠᠨ ᠠᠴᠠ ᠵᠦᠴᠦᠭᠡᠴᠢᠨ ᠨᠢᠺᠣᠯᠠᠰ ᠺᠸᠢᠢᠵ ᠳᠡᠯᠡᠬᠡᠢ ᠳᠦ ᠬᠣᠶᠠᠷᠬᠠᠨ ᠪᠠᠶᠢᠳᠠᠭ ᠠᠯᠢᠤᠷᠠᠮᠤᠰ ᠭᠡᠳᠡᠭ ᠦᠯᠭᠡ ᠭᠦᠷᠪᠡᠯ ᠦᠨ ᠭᠠᠪᠠᠯᠠ ᠶᠢᠨ ᠶᠠᠰᠤ ᠶᠢ 260 ᠮᠢᠩᠭᠠᠨ ᠳ᠋ᠣᠯᠯᠠᠷ ᠢᠶᠠᠷ ᠬᠤᠳᠠᠯᠳᠤᠨ ᠠᠪᠴᠠᠢ᠃ ᠭᠡᠪᠡᠴᠦ ᠡᠨᠡ ᠣᠯᠳᠠᠪᠤᠷᠢ ᠮᠣᠩᠭᠣᠯ ᠠᠴᠠ ᠬᠠᠤᠯᠢ ᠪᠤᠰᠤ ᠪᠠᠷ ᠭᠠᠷᠤᠭᠰᠠᠨ ᠢ ᠬᠣᠯᠪᠣᠭᠠᠨ ᠤ ᠰᠢᠭᠦᠬᠦ ᠲᠣᠭᠲᠠᠭᠠᠵᠤ᠂ ᠮᠠᠨ ᠤ ᠤᠯᠤᠰ ᠤᠨ ᠲᠠᠯ᠎ᠠ ᠳᠤ ᠡᠷᠭᠢᠭᠦᠯᠦᠨ ᠥᠭᠬᠦ ᠰᠢᠢᠳᠪᠦᠷᠢ ᠭᠠᠷᠭᠠᠭᠰᠠᠨ᠃ ᠰᠢᠭᠦᠬᠦ ᠶᠢᠨ ᠰᠢᠢᠳᠪᠦᠷᠢ ᠪᠡᠶᠡᠯᠡᠭᠦᠯᠬᠦ ᠠᠵᠢᠯ ᠵᠢᠯ ᠭᠠᠷᠤᠢ ᠦᠷᠭᠦᠯᠵᠢᠯᠡᠵᠦ᠂ ᠮᠣᠩᠭᠣᠯᠴᠤᠳ ᠡᠨᠡ ᠰᠠᠷ᠎ᠠ ᠳᠤ ᠪᠠᠭᠲᠠᠭᠠᠨ ᠦᠯᠭᠡ ᠭᠦᠷᠪᠡᠯ ᠢᠶᠡᠨ ᠪᠤᠴᠠᠭᠠᠨ ᠠᠪᠬᠤ ᠪᠠᠷ ᠪᠣᠯᠵᠠᠢ᠃

 

ᠰᠡᠳᠬᠢᠭᠳᠡᠯ ᠦᠯᠡᠳᠡᠭᠡᠬᠦ