ᠶᠡᠷᠦᠩᠬᠡᠶᠢᠯᠡᠭᠴᠢ ᠲᠡᠮᠦᠷ ᠵᠠᠮ ᠢᠶᠠᠨ ᠶᠠᠷᠢᠭᠰᠠᠭᠠᠷ ᠯᠠ ᠶᠠᠪᠤᠨ᠎ᠠ | News.MN

ᠶᠡᠷᠦᠩᠬᠡᠶᠢᠯᠡᠭᠴᠢ ᠲᠡᠮᠦᠷ ᠵᠠᠮ ᠢᠶᠠᠨ ᠶᠠᠷᠢᠭᠰᠠᠭᠠᠷ ᠯᠠ ᠶᠠᠪᠤᠨ᠎ᠠ

ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ ᠱᠠᠩᠬᠠᠢ ᠶᠢᠨ ᠬᠠᠮᠲᠤ ᠶᠢᠨ ᠠᠵᠢᠯᠯᠠᠭᠠᠨ ᠤ ᠪᠠᠶᠢᠭᠤᠯᠤᠯᠭ᠎ᠠ ᠶᠢᠨ ᠳᠡᠭᠡᠳᠦ ᠬᠡᠮᠵᠢᠶᠡᠨ ᠦ ᠠᠭᠤᠯᠵᠠᠯᠲᠠ ᠳᠤ ᠣᠷᠣᠯᠴᠠᠬᠤ ᠪᠠᠷ  ᠺᠢᠷᠭᠢᠽ ᠢ ᠵᠣᠷᠢᠭᠰᠠᠨ᠃ ᠡᠨᠡ ᠦᠶ᠎ᠡ ᠪᠡᠷ ᠲᠤᠰ ᠤᠯᠤᠰ ᠤᠨ ᠶᠡᠷᠦᠩᠬᠡᠶᠢᠯᠡᠭᠴᠢ ᠰᠣᠷᠤᠨᠪᠠᠢ ᠵᠸᠢᠢᠨᠪᠸᠺᠤᠪ ᠲᠠᠢ ᠠᠭᠤᠯᠵᠠᠬᠤ ᠳᠤ ᠪᠠᠨ  ᠲᠡᠷᠡ ᠰᠢᠨᠵᠢᠶᠠᠩ ᠤᠶᠢᠭᠤᠷ ᠤᠨ ᠠᠦ᠋ᠲ᠋ᠤᠨᠤᠮᠢᠲ ᠲᠣᠭᠣᠷᠢᠭ ᠢ ᠮᠣᠩᠭᠣᠯ ᠲᠠᠢ ᠬᠤᠯᠪᠤᠬᠤ ᠲᠡᠮᠦᠷ ᠵᠠᠮ ᠪᠠᠷᠢᠵᠤ ᠪᠠᠶᠢᠭ᠎ᠠ ᠲᠠᠯ᠎ᠠ ᠪᠠᠷ ᠳᠤᠭᠤᠯᠭᠠᠭᠠᠳ᠂ ᠡᠨᠡ ᠲᠡᠮᠦᠷ ᠵᠠᠮ ᠢ ᠺᠢᠷᠭᠢᠽ ᠬᠢᠲᠠᠳ ᠤᠨ ᠬᠢᠯᠢ ᠬᠦᠷᠲᠡᠯ᠎ᠡ ᠰᠤᠩᠭᠠᠬᠤ ᠶᠢ ᠰᠠᠨᠠᠯ ᠪᠣᠯᠭᠠᠭᠰᠠᠨ ᠭᠡᠬᠦ᠃ ᠢᠩᠭᠢᠭᠰᠡᠨ ᠢᠶᠡᠷ ᠺᠢᠷᠭᠢᠽ ᠤᠯᠤᠰ ᠳᠣᠷᠣᠨ᠎ᠠ ᠶᠢᠨ ᠲᠣᠮᠣ ᠵᠠᠬ᠎ᠠ ᠵᠡᠭᠡᠯᠢ ᠳᠦ ᠭᠠᠷᠬᠤ ᠪᠣᠯᠤᠮᠵᠢ ᠲᠠᠢ ᠪᠣᠯᠬᠤ ᠲᠤᠬᠠᠢ ᠵᠦᠪᠯᠡᠭᠰᠡᠨ ᠢ ᠶᠡᠷᠦᠩᠬᠡᠶᠢᠯᠡᠭᠴᠢ ᠶᠢᠨ ᠠᠶᠢᠯᠴᠢᠯᠠᠯ ᠤᠨ ᠲᠤᠬᠠᠢ ᠮᠡᠳᠡᠭᠡᠨ ᠳᠦ ᠳᠤᠷᠠᠳᠴᠠᠢ᠃

ᠮᠣᠩᠭᠣᠯ ᠤᠯᠤᠰ ᠤᠨ ᠬᠤᠪᠢ ᠳᠤ ᠡᠺᠰᠫᠣᠷᠲ ᠤᠨ ᠲᠡᠮᠦᠷ ᠵᠠᠮ ᠲᠠᠢ ᠪᠣᠯᠬᠤ ᠨᠢ ᠣᠯᠠᠨ ᠵᠢᠯ ᠦᠨ ᠮᠥᠷᠥᠭᠡᠳᠦᠯ ᠪᠥᠭᠡᠳ ᠤᠯᠤᠰ ᠤᠨ ᠶᠡᠬᠡ ᠬᠤᠷᠠᠯ ᠠᠴᠠ ᠲᠥᠷᠥ ᠡᠴᠡ ᠪᠠᠷᠢᠮᠲᠠᠯᠠᠬᠤ ᠲᠡᠮᠦᠷ ᠵᠠᠮ ᠤᠨ ᠪᠣᠳᠣᠯᠭ᠎ᠠ ᠶᠢ ᠪᠠᠲᠤᠯᠠᠭᠰᠠᠨ 2010 ᠣᠨ ᠠᠴᠠ ᠲᠣᠭᠠᠴᠠᠪᠠᠯ ᠪᠠᠷᠤᠭ ᠶᠢᠰᠦᠨ ᠵᠢᠯ ᠦᠩᠭᠡᠷᠡᠵᠡᠢ᠃ ᠡᠨᠡᠬᠦ ᠶᠢᠰᠦᠨ ᠵᠢᠯ ᠳᠦ ᠮᠣᠩᠭᠣᠯ ᠤᠯᠤᠰ ᠤᠨ ᠲᠡᠮᠦᠷ ᠵᠠᠮ ᠤᠨ ᠪᠣᠳᠣᠯᠭ᠎ᠠ᠂ ᠰᠢᠢᠳᠪᠦᠷᠢ ᠬ∙ᠪᠠᠲᠤᠲᠤᠯᠭ᠎ᠠ ᠶᠡᠷᠦᠩᠬᠡᠶᠢᠯᠡᠭᠴᠢ ᠲᠡᠢ ᠬᠠᠮᠢᠶᠠᠲᠠᠢ ᠪᠠᠶᠢᠭᠰᠠᠨ᠂ ᠣᠳᠣ ᠴᠤ ᠠᠩᠬᠠᠷᠤᠯ ᠲᠠᠯᠪᠢᠳᠠᠭ ᠭᠠᠭᠴᠠ ᠰᠡᠳᠦᠪ ᠨᠢ ᠪᠠᠶᠢᠭᠰᠠᠭᠠᠷ ᠪᠠᠶᠢᠭ᠎ᠠ ᠪᠢᠯᠡ᠃ ᠬᠣᠶᠠᠷ ᠵᠢᠯ ᠦᠨ ᠡᠮᠦᠨ᠎ᠡ ᠶᠡᠷᠦᠩᠬᠡᠶᠢᠯᠡᠭᠴᠢ ᠬ∙ᠪᠠᠲᠤᠲᠤᠯᠭ᠎ᠠ ᠣᠷᠣᠰ  ᠤᠨ ᠳᠣᠷᠣᠨ᠎ᠠ ᠶᠢᠨ ᠡᠳ᠋  ᠦᠨ ᠵᠠᠰᠠᠭ ᠤᠨ ᠴᠢᠭᠤᠯᠭ᠎ᠠ ᠳᠤ ᠣᠷᠣᠯᠴᠠᠬᠤ ᠳᠤ ᠪᠠᠨ ᠸᠯᠠᠳᠢᠸᠤᠰᠲ᠋ᠤᠺ ᠬᠦᠷᠲᠡᠯ᠎ᠡ 4000 ᠺᠢᠯᠣᠮᠧᠲ᠋ᠷ ᠲᠡᠮᠦᠷ ᠵᠠᠮ ᠪᠠᠷᠢᠬᠤ ᠪᠠᠷ ᠪᠣᠯᠤᠭᠰᠠᠨ ᠭᠡᠬᠦ ︽ᠰᠢᠨ᠎ᠡ ᠮᠡᠳᠡᠭᠡ ᠲᠡᠢ︾ ᠢᠷᠡᠭᠰᠡᠨ ᠃ ᠵᠠᠷᠢᠮ ᠬᠡᠪᠯᠡᠯ ᠦᠨ ᠬᠢᠨ ᠦ ᠣᠨᠴᠠᠯᠠᠭᠰᠠᠨ ᠢᠶᠠᠷ ︽ᠭᠠᠨᠵᠤᠭ᠎ᠠ ᠳᠦᠭᠦᠷᠡᠩ︾᠃ ᠲᠡᠭᠡᠪᠡᠯ ᠥᠨᠥᠳᠥᠷ ᠦᠨ ᠰᠢᠨ᠎ᠡ ᠮᠡᠳᠡᠭᠡ ᠨᠢ ᠺᠢᠷᠭᠢᠽ ᠢ ᠬᠢᠲᠠᠳ ᠤᠨ ᠵᠠᠬ᠎ᠠ ᠵᠡᠭᠡᠯᠢ ᠳᠦ ᠭᠠᠷᠬᠤ ᠳᠤ ᠨᠢ ᠮᠣᠩᠭᠣᠯ ᠤᠯᠤᠰ ᠲᠡᠮᠦᠷ ᠵᠠᠮ ᠢᠶᠠᠷ ᠬᠤᠯᠪᠤᠬᠤ ᠲᠤᠬᠠᠢ᠃ ᠪᠠᠰᠠ ᠯᠠ ︽ᠭᠠᠨᠵᠤᠭ᠎ᠠ ᠬᠣᠭᠣᠰᠣᠨ ᠦᠭᠡᠢ︾ ᠢᠷᠡᠬᠦ ᠪᠣᠯᠤᠯᠲᠠᠢ᠃
ᠠᠭᠤᠯᠠ ᠠᠭᠤᠷᠬᠠᠢ ᠶᠢᠨ ᠪᠦᠲᠦᠭᠡᠭᠳᠡᠬᠦᠨ ᠦ ᠭᠣᠣᠯ ᠲᠣᠮᠣ ᠵᠠᠬ᠎ᠠ ᠵᠡᠭᠡᠯᠢ ᠪᠣᠯᠤᠭᠰᠠᠨ ᠬᠢᠲᠠᠳ ᠲᠤ ᠪᠦᠲᠦᠭᠡᠭᠳᠡᠬᠦᠨ ᠢᠶᠡᠨ ᠡᠺᠰᠫᠣᠷᠲᠯᠠᠬᠤ ᠶᠢᠨ ᠲᠤᠯᠠᠳᠠ ᠤᠯᠤᠰ ᠣᠷᠣᠨ ᠨᠤᠭᠤᠳ ᠥᠨᠥᠳᠥᠷ ᠥᠪᠡᠷ ᠬᠣᠭᠣᠷᠣᠨᠳᠣ ᠪᠠᠨ ᠳᠠᠶᠢᠲᠤᠵᠤ ᠪᠠᠶᠢᠨ᠎ᠠ᠃ ᠮᠣᠩᠭᠣᠯ ᠤᠨ ᠬᠢᠯᠢ ᠡᠴᠡ ᠶᠡᠷᠦ ᠳᠡᠭᠡᠨ 267 ᠺᠢᠯᠣᠮᠧᠲ᠋ᠷ ᠵᠠᠢ ᠳᠤ ᠤᠷᠤᠰᠢᠬᠤ ᠬᠢᠲᠠᠳ ᠤᠨ ᠵᠠᠬ᠎ᠠ ᠵᠡᠭᠡᠯᠢ ᠳᠦ ᠮᠣᠩᠭᠣᠯᠴᠤᠳ ᠡᠷᠦᠳᠡᠰᠦ ᠪᠠᠶᠠᠯᠢᠭ ᠢᠶᠠᠨ ᠭᠠᠷᠭᠠᠬᠤ ᠶᠢᠨ ᠲᠤᠯᠠᠳᠠ ᠡᠺᠰᠫᠣᠷᠲ ᠤᠨ ᠲᠡᠮᠦᠷ ᠵᠠᠮ ᠲᠠᠢ ᠪᠤᠯᠬᠤ ᠪᠠᠷ ᠭᠠᠰᠢᠭᠤᠨᠰᠤᠬᠠᠶᠢᠲᠤ ᠶᠢᠨ ᠲᠡᠮᠦᠷ ᠵᠠᠮ ᠢ ᠪᠠᠷᠢᠵᠤ ᠡᠬᠢᠯᠡᠭᠰᠡᠨ᠃ ᠣᠯᠠᠨ ᠤᠯᠤᠰ ᠤᠨ ᠬᠥᠷᠥᠩᠭᠡ ᠣᠷᠣᠭᠤᠯᠤᠭᠴᠢᠳ ᠠᠴᠠ 5-10 ᠵᠢᠯ ᠦᠨ ᠬᠤᠭᠤᠴᠠᠭ᠎ᠠ ᠲᠠᠢ ᠵᠢᠭᠡᠯᠡ ᠠᠪᠴᠢᠷᠠᠭᠰᠠᠨ ᠴᠢᠩᠭᠢᠰ ᠪᠤᠨᠳ᠋ ᠤᠨ ᠬᠥᠷᠥᠩᠭᠡ ᠪᠡᠷ ᠤᠭ ᠲᠡᠮᠦᠷ ᠵᠠᠮ ᠤᠨ ᠲᠥᠰᠥᠯ ᠢ ᠰᠠᠩᠬᠦᠦᠵᠢᠭᠦᠯᠦᠭᠰᠡᠨ ᠪᠣᠯᠪᠠᠴᠤ ᠮᠣᠩᠭᠣᠯ ᠤᠨ ᠮᠥᠷᠥᠭᠡᠳᠦᠯ ︽ᠪᠦᠲᠦᠭᠡ ᠦᠭᠡᠢ︾᠃ ᠵᠢᠷᠭᠤᠭᠠᠨ ᠵᠢᠯ ᠦᠨ ᠡᠮᠦᠨ᠎ᠡ ᠱᠠᠪ ᠲᠠᠯᠪᠢᠬᠤ ᠠᠵᠢᠯ ᠢ ᠡᠬᠢᠯᠡᠭᠦᠯᠵᠦ᠂ 280 ᠰᠠᠶ᠎ᠠ ᠳ᠋ᠣᠯᠯᠠᠷ ᠢᠶᠠᠷ ᠣᠪᠣᠭᠠᠯᠠᠭᠰᠠᠨ ᠰᠢᠷᠣᠢ ᠨᠢ ᠥᠨᠥᠳᠥᠷ ᠨᠠᠷᠠ ᠰᠠᠯᠬᠢᠨ ᠳᠤ  ᠬᠡᠶᠢᠰᠴᠦ᠂ ᠬᠠᠷᠢᠨ ᠲᠥᠷᠥ ᠶᠢᠨ ᠲᠡᠷᠢᠭᠦᠨ ᠥᠭᠡᠷ᠎ᠡ ᠵᠦᠭ ᠲᠦ ᠲᠡᠮᠦᠷ ᠵᠠᠮ ᠲᠠᠯᠪᠢᠬᠤ ᠪᠠᠷ ᠲᠦᠮᠡᠨ ᠴᠡᠷᠢᠭ  ︽ᠬᠥᠯᠥᠰᠥᠯᠡᠭᠡᠳ︾ ᠪᠤᠢ᠃
ᠨᠡᠶᠢᠲᠡ ᠳᠦ ᠪᠡᠨ 400 ᠺᠢᠯᠣᠮᠧᠲ᠋ᠷ ᠭᠠᠷᠤᠢ ᠤᠷᠲᠤ ᠲᠠᠢ ᠵᠠᠭᠦᠨ ᠪᠠᠶᠠᠨ ᠤ ᠲᠡᠮᠦᠷ ᠵᠠᠮ ᠬᠡᠵᠢᠶ᠎ᠡ ᠠᠰᠢᠭᠯᠠᠯᠲᠠ ᠳᠤ ᠤᠷᠤᠬᠤ ᠨᠢ ᠲᠣᠳᠣᠷᠬᠠᠢ ᠦᠭᠡᠢ ᠴᠤ᠂ ᠶᠠᠮᠠᠷ ᠴᠤ ᠪᠠᠶᠢᠭᠰᠠᠨ ᠶᠡᠷᠦᠩᠬᠡᠶᠢᠯᠡᠭᠴᠢ ᠬ ∙ ᠪᠠᠲᠤᠲᠤᠯᠭ᠎ᠠ  ᠬᠤᠶᠠᠳᠠᠬᠢ ᠲᠡᠮᠦᠷ ᠵᠠᠮ ᠤᠨ ᠪᠦᠲᠦᠭᠡᠨ ᠪᠠᠶᠢᠭᠤᠯᠤᠯᠲᠠ ᠶᠢᠨ ᠱᠠᠪ ᠲᠠᠯᠪᠢᠬᠤ ᠶᠣᠰᠣᠯᠠᠯ ᠢ ᠦᠢᠯᠡᠳᠦᠭᠰᠡᠨ᠃ ᠮᠥᠨ 4000 ᠺᠢᠯᠣᠮᠧᠲ᠋ᠷ ᠵᠥᠭᠡᠭᠡᠪᠦᠷᠢᠯᠡᠵᠦ᠂ ᠨᠡᠭᠦᠷᠡᠰᠦ ᠪᠡᠨ ᠣᠷᠣᠰ ᠤᠨ ᠵᠠᠬ᠎ᠠ ᠵᠡᠭᠡᠯᠢ ᠳᠦ ᠭᠠᠷᠭᠠᠬᠤ ᠲᠣᠮᠣ ᠮᠥᠷᠥᠭᠡᠳᠦᠯ ᠲᠡᠢ᠃ ᠭᠡᠪᠡᠴᠦ ᠦᠨᠡᠨ ᠳᠦ ᠪᠡᠨ᠂ ᠴᠠᠭᠠᠰᠤᠨ ᠳᠡᠭᠡᠷ᠎ᠡ ᠪᠠᠷᠢᠭᠰᠠᠨ ᠲᠡᠮᠦᠷ  ᠵᠠᠮ ᠤᠳ ᠤᠨ ᠲᠣᠭ᠎ᠠ ᠨᠡᠮᠡᠭᠳᠡᠭᠰᠡᠨ ᠡᠴᠡ ᠪᠤᠰᠤ ᠮᠣᠩᠭᠣᠯ ᠤᠯᠤᠰ ᠤᠨ ᠲᠡᠮᠦᠷ ᠵᠠᠮ ᠤᠨ ᠭᠠᠷᠴᠠ ᠪᠤᠳᠠᠲᠠᠢ ᠪᠠᠷ ᠨᠡᠮᠡᠭᠳᠡᠭᠡ ᠦᠭᠡᠢ᠃ ᠶᠠᠭᠤᠲᠠᠢ ᠴᠤ ᠺᠢᠷᠭᠢᠽ ᠲᠤ ᠮᠣᠩᠭᠣᠯ ᠤᠨ ᠶᠡᠷᠦᠩᠬᠡᠶᠢᠯᠡᠭᠴᠢ ᠲᠡᠮᠦᠷ ᠵᠠᠮ ᠢᠶᠠᠨ ᠶᠠᠷᠢᠭᠰᠠᠭᠠᠷ ᠯᠠ ᠶᠠᠪᠤᠭ᠎ᠠ ᠠᠵᠠᠢ᠃

ᠰᠡᠳᠬᠢᠭᠳᠡᠯ ᠦᠯᠡᠳᠡᠭᠡᠬᠦ