ᠬᠥᠯ ᠪᠦᠮᠪᠦᠭᠡᠴᠢᠳ ᠲᠡᠦᠬᠡᠨ ᠠᠮᠵᠢᠯᠲᠠ ᠦᠵᠡᠭᠦᠯᠪᠡ  | News.MN

ᠬᠥᠯ ᠪᠦᠮᠪᠦᠭᠡᠴᠢᠳ ᠲᠡᠦᠬᠡᠨ ᠠᠮᠵᠢᠯᠲᠠ ᠦᠵᠡᠭᠦᠯᠪᠡ 

ᠮᠣᠩᠭᠣᠯ ᠤᠨ ᠬᠥᠯ ᠪᠥᠮᠪᠥᠭᠡ ᠶᠢᠨ ᠰᠢᠭᠰᠢᠭᠡ ᠪᠠᠭ ᠥᠩᠭᠡᠷᠡᠭᠰᠡᠨ ᠰᠥᠨᠢ ᠪᠷᠦᠨᠧᠢ ᠳ᠋ᠠᠷᠤᠰᠰᠠᠯᠠᠮ ᠤᠨ ᠲᠠᠯᠠᠪᠠᠢ ᠳᠤ ᠬᠠᠷᠢᠭᠤ ᠲᠣᠭᠯᠠᠯᠲᠠ ᠬᠢᠵᠦ᠂ 2᠄1 ᠍ ᠪᠡᠷ ᠢᠯᠠᠭᠳᠠᠭᠰᠠᠨ ᠴᠤ ᠴᠠᠭᠠᠰᠢ ᠦᠷᠢᠰᠦᠯᠳᠦᠬᠦ ᠡᠷᠬᠡ ᠪᠡᠨ ᠠᠪᠴᠤ ᠴᠢᠳᠠᠯ᠎ᠠ᠃ ᠤᠴᠢᠷ ᠨᠢ ᠬᠣᠶᠠᠷ ᠪᠠᠭ ᠤᠨ ᠡᠬᠢᠨ ᠦ ᠲᠣᠭᠯᠠᠯᠲᠠ ᠵᠢᠷᠭᠤᠳᠤᠭᠠᠷ ᠰᠠᠷ᠎ᠠ ᠶᠢᠨ 9 ᠦ ᠡᠳᠦᠷ ᠤᠯᠠᠭᠠᠨᠪᠠᠭᠠᠲᠤᠷ ᠲᠤ ᠪᠣᠯᠬᠤ ᠳᠤ 2᠄0 ᠍ ᠢᠶᠠᠷ ︽ᠲᠠᠯ᠎ᠠ ᠶᠢᠨ ᠬᠥᠬᠡ ᠴᠢᠨᠤᠸ᠎ᠠ ᠨᠤᠭᠤᠳ ︾ ᠢᠯᠠᠯᠲᠠ ᠪᠠᠶᠢᠭᠤᠯᠤᠭᠰᠠᠨ ᠶᠤᠮ᠃ ᠬᠠᠷᠢᠭᠤ ᠲᠣᠭᠯᠠᠯᠲᠠ ᠥᠴᠥᠭᠡᠳᠦᠷ ︵2019.06.11︶ ᠪᠷᠤᠮᠧᠢ ᠠᠷᠠᠯ ᠳᠤ ᠪᠠᠶᠢᠷᠢᠯᠠᠬᠤ ᠰᠦᠯᠲ᠋ᠠᠨ ᠤ ᠨᠡᠷᠡᠮᠵᠢᠲᠦ ᠲᠠᠯᠠᠪᠠᠢ ᠳᠤ ᠪᠣᠯᠵᠤ᠂ ᠲᠠᠯᠠᠪᠠᠢ ᠶᠢᠨ ᠡᠵᠡᠳ 2᠄1 ᠍ ᠪᠡᠷ ᠢᠯᠠᠯᠲᠠ ᠪᠠᠶᠢᠭᠤᠯᠤᠭᠰᠠᠨ ᠴᠤ ᠮᠠᠨ ᠤ ᠪᠠᠭ ᠠᠶᠢᠯ ᠤᠨ ᠬᠠᠭᠠᠯᠭᠠᠨ ᠳᠤ ᠨᠢᠭᠡ ᠭᠤᠤᠯᠢ ᠬᠢᠭᠰᠡᠨ ᠦᠵᠡᠭᠦᠯᠦᠯᠲᠡ ᠪᠡᠷ ᠢᠶᠡᠨ ᠳᠠᠷᠠᠭ᠎ᠠ ᠶᠢᠨ ᠱᠠᠲᠤᠨ ᠳᠤ ᠲᠣᠭᠯᠠᠬᠤ ᠡᠷᠬᠡ ᠶᠢ ᠠᠪᠤᠯ᠎ᠠ᠃ ᠲᠣᠭᠯᠠᠯᠲᠠ ᠶᠢᠨ ᠡᠬᠢᠨ ᠦ ᠬᠠᠭᠠᠰ ᠢ 2᠄0 ᠍ ᠢᠶᠠᠷ ᠪᠷᠦᠨᠧᠢ ᠪᠠᠭ ᠲᠡᠷᠢᠭᠦᠯᠡᠵᠦ ᠪᠠᠶᠢᠭᠰᠠᠨ ᠴᠤ ᠮᠠᠨ ᠤ ᠪᠠᠭ ᠲᠤ 11 ᠮᠧᠲ᠋ᠷ ᠦᠨ ᠲᠣᠷᠭᠠᠭᠤᠯᠢ ᠶᠢᠨ ᠴᠣᠬᠢᠯᠲᠠ ᠭᠦᠢᠴᠡᠳᠭᠡᠬᠦ ᠡᠷᠬᠡ ᠭᠠᠷᠤᠭᠰᠠᠨ ᠶᠤᠮ᠃ ᠤᠭ ᠴᠣᠬᠢᠯᠲᠠ ᠶᠢ 48  ᠳ᠋ᠡᠬᠢ ᠮᠢᠨᠦ᠋ᠲ ᠲᠤ ᠡᠮᠦᠨᠡᠬᠢ ᠲᠣᠭᠯᠠᠯᠲᠠ ᠶᠢᠨ ᠭᠤᠤᠯᠢ ᠶᠢᠨ ᠡᠵᠡᠨ᠂ ᠦᠨᠳᠦᠰᠦᠨ ᠦ ᠰᠢᠭᠰᠢᠭᠡ ᠪᠠᠭ ᠤᠨ ᠠᠬᠠᠯᠠᠭᠴᠢ ᠨ∙ᠼᠡᠳᠡᠨᠪᠠᠯ ᠠᠮᠵᠢᠯᠲᠠ ᠲᠠᠢ ᠭᠦᠢᠴᠡᠳᠭᠡᠵᠦ᠂ ᠲᠣᠭᠠᠨ ᠤ ᠬᠠᠷᠢᠴᠠᠭ᠎ᠠ ᠶᠢ 2᠄1 ᠪᠣᠯᠭᠠᠵᠤ ᠴᠢᠳᠠᠭᠰᠠᠨ᠃ ᠦᠯᠡᠳᠡᠭᠰᠡᠨ ᠬᠤᠭᠤᠴᠠᠭᠠᠨ ᠳᠤ ︽ᠲᠠᠯ᠎ᠠ ᠶᠢᠨ ᠬᠥᠬᠡ ᠴᠢᠨᠤᠸ᠎ᠠ ᠨᠤᠭᠤᠳ︾ ᠬᠠᠮᠠᠭᠠᠯᠠᠯᠲᠠ ᠳᠤ ᠪᠠᠨ ᠨᠢᠭᠲᠠ ᠨᠢᠮᠪᠠᠢ ᠲᠣᠭᠯᠠᠯᠲᠠ ᠶᠢ ᠦᠵᠡᠭᠦᠯᠵᠦ᠂ ᠦᠷ᠎ᠡ ᠳ᠋ᠦᠩ ᠢᠶᠡᠨ ᠬᠠᠳᠠᠭᠠᠯᠠᠵᠤ ᠴᠢᠳᠠᠭᠰᠠᠨ ᠢᠶᠠᠷ ᠨᠡᠶᠢᠯᠡᠪᠦᠷᠢ ᠳ᠋ᠦᠩ ᠢᠶᠡᠷ 3᠄2 ᠢᠶᠠᠷ ᠲᠡᠷᠢᠭᠦᠯᠡᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠤᠷᠢᠳᠴᠢᠯᠠᠭᠰᠠᠨ ᠱᠠᠲᠤᠨ ᠳᠤ ᠥᠷᠢᠰᠥᠯᠳᠥᠬᠦ ᠡᠷᠬᠡ ᠲᠡᠢ ᠪᠣᠯᠤᠯ᠎ᠠ᠃

ᠰᠡᠳᠬᠢᠭᠳᠡᠯ ᠦᠯᠡᠳᠡᠭᠡᠬᠦ