ᠮᠣᠩᠭᠣᠯ᠂ ᠬᠢᠲᠠᠳ᠂ ᠰᠤᠯᠤᠩᠭᠤᠰ ᠤᠨ ᠲᠠᠮᠢᠷᠴᠢᠳ ᠬᠠᠮᠲᠤᠷᠠᠭᠰᠠᠨ ᠪᠡᠯᠡᠳᠬᠡᠯ ᠬᠢᠵᠦ ᠪᠠᠶᠢᠨ᠎ᠠ  | News.MN

ᠮᠣᠩᠭᠣᠯ᠂ ᠬᠢᠲᠠᠳ᠂ ᠰᠤᠯᠤᠩᠭᠤᠰ ᠤᠨ ᠲᠠᠮᠢᠷᠴᠢᠳ ᠬᠠᠮᠲᠤᠷᠠᠭᠰᠠᠨ ᠪᠡᠯᠡᠳᠬᠡᠯ ᠬᠢᠵᠦ ᠪᠠᠶᠢᠨ᠎ᠠ 

ᠵᠡᠪᠰᠡᠭᠲᠦ ᠬᠦᠴᠦᠨ ᠦ ︽ᠠᠯᠳᠠᠷ︾ ᠰᠫᠣᠷᠲ ᠬᠣᠷᠢᠶ᠎ᠠ ᠪᠣᠯᠤᠨ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ᠂  ᠪᠦᠭᠦᠳᠡ ᠨᠠᠶᠢᠷᠠᠮᠳᠠᠬᠤ ᠰᠤᠯᠤᠩᠭᠤᠰ ᠤᠯᠤᠰ᠍ ᠤᠨ ᠴᠢᠯᠦᠭᠡᠲᠦ ᠪᠥᠬᠡ ᠶᠢᠨ ᠰᠢᠭᠰᠢᠭᠡ ᠪᠠᠭ ᠤᠨ ᠲᠠᠮᠢᠷᠴᠢᠳ ᠮᠠᠨ ᠤ ᠤᠯᠤᠰ ᠲᠤ ᠬᠠᠮᠲᠤᠷᠠᠭᠰᠠᠨ ᠪᠡᠯᠡᠳᠬᠡᠯ ᠬᠢᠵᠦ ᠪᠠᠶᠢᠨ᠎ᠠ᠃ ᠡᠨᠡ ᠤᠳᠠᠭ᠎ᠠ ᠶᠢᠨ ᠪᠡᠯᠡᠳᠬᠡᠯ ᠳᠦ ︽ᠠᠯᠳᠠᠷ︾ ᠠᠴᠠ 40᠂ ᠬᠢᠲᠠᠳ ᠠᠴᠠ 15᠂  ᠪᠦᠭᠦᠳᠡ ᠨᠠᠶᠢᠷᠠᠮᠳᠠᠬᠤ  ᠰᠤᠯᠤᠩᠭᠤᠰ ᠤᠯᠤᠰ ᠠᠴᠠ 13 ᠲᠠᠮᠢᠷᠴᠢᠨ ᠪᠡᠯᠡᠳᠬᠡᠯ ᠳᠦ ᠬᠠᠮᠤᠷᠤᠭᠳᠠᠵᠤ ᠪᠠᠶᠢᠨ᠎ᠠ᠃
︽ᠠᠯᠳᠠᠷ︾ ᠰᠫᠣᠷᠲ ᠬᠣᠷᠢᠶᠠᠨ ᠤ 2019 ᠣᠨ ᠤ ᠦᠨᠳᠦᠰᠦᠨ ᠲᠥᠯᠦᠪᠯᠡᠭᠡᠨ ᠦ ᠳᠠᠭᠠᠤ ᠤᠭ ᠬᠠᠮᠲᠤᠷᠠᠭᠰᠠᠨ ᠪᠡᠯᠡᠳᠬᠡᠯ ᠢ ᠥᠪᠡᠷ ᠦᠨ ᠪᠠᠶᠢᠷᠢᠨ ᠳᠤ ᠪᠠᠨ ᠵᠣᠬᠢᠶᠠᠨ ᠪᠠᠶᠢᠭᠤᠯᠵᠤ ᠪᠠᠶᠢᠭ᠎ᠠ ᠪᠥᠭᠡᠳ ᠡᠨᠡ ᠨᠢ ᠢᠷᠡᠬᠦ ᠳᠣᠯᠣᠭ᠎ᠠ ᠬᠣᠨᠣᠭ ᠲᠤ ᠪᠣᠯᠬᠤ ᠨᠠᠰᠤᠨ ᠳᠤ ᠬᠦᠷᠦᠭᠰᠡᠳ ᠦᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠲᠣᠮᠣᠬᠠᠨ ᠪᠡᠯᠡᠳᠬᠡᠯ ᠶᠤᠮ᠃ ︽ᠠᠯᠳᠠᠷ︾ ᠰᠫᠣᠷᠲ ᠬᠣᠷᠢᠶᠠᠨ ᠤ ᠳᠠᠷᠤᠭ᠎ᠠ᠂  ᠬᠤᠷᠠᠩᠳᠠ ᠭ∙  ᠦᠰᠬᠦᠪᠠᠶᠠᠷ ᠭᠠᠳᠠᠭᠠᠳᠤ ᠶᠢᠨ ᠵᠣᠴᠢᠳ ᠢ ᠬᠦᠯᠢᠶᠡᠨ ᠠᠪᠴᠤ ᠠᠭᠤᠯᠵᠠᠵᠤ᠂ ᠴᠢᠨᠠᠭᠰᠢᠳᠠ ᠡᠨᠡᠬᠦ ᠪᠡᠯᠡᠳᠬᠡᠯ ᠢ ᠵᠢᠯ ᠪᠦᠷᠢ ᠲᠣᠭᠲᠠᠮᠠᠯ ᠶᠠᠪᠤᠭᠤᠯᠵᠤ ᠪᠠᠶᠢᠬᠤ ᠬᠦᠰᠡᠯ ᠲᠡᠢ ᠪᠠᠶᠢᠭ᠎ᠠ ᠪᠠᠨ ᠢᠯᠡᠷᠬᠡᠶᠢᠯᠡᠵᠡᠢ᠃ ᠬᠠᠮᠲᠤᠷᠠᠭᠰᠠᠨ ᠪᠡᠯᠡᠳᠬᠡᠯ ᠢ ︽ᠠᠯᠳᠠᠷ︾ ᠰᠫᠣᠷᠲ ᠬᠣᠷᠢᠶᠠᠨ ᠤ ᠴᠢᠯᠦᠭᠡᠲᠦ ᠪᠥᠬᠡ ᠶᠢᠨ ᠳᠠᠰᠬᠠᠯᠵᠢᠭᠤᠯᠤᠭᠴᠢ ᠼ∙ᠬᠣᠣᠰᠪᠠᠶᠠᠷ ᠤᠳᠤᠷᠢᠳᠤᠨ ᠶᠠᠪᠤᠭᠤᠯᠵᠤ ᠪᠠᠶᠢᠭ᠎ᠠ ᠪᠥᠭᠡᠳ ᠪᠡᠯᠡᠳᠬᠡᠯ ᠢᠷᠡᠬᠦ ᠳᠣᠯᠣᠭ᠎ᠠ ᠬᠣᠨᠣᠭ ᠲᠤ ᠥᠨᠳᠥᠷᠯᠡᠨ᠎ᠡ᠃

ᠰᠡᠳᠬᠢᠭᠳᠡᠯ ᠦᠯᠡᠳᠡᠭᠡᠬᠦ