ᠼ∙ᠰᠡᠷᠡᠩᠪᠣᠯᠣᠳ ︽ᠵᠠᠬᠠᠷ ᠪᠸᠷᠺᠤᠲ︾ ᠺᠢᠨᠤ᠋  ᠳᠤ ᠲᠤᠭᠯᠠᠵᠠᠢ | News.MN

ᠼ∙ᠰᠡᠷᠡᠩᠪᠣᠯᠣᠳ ︽ᠵᠠᠬᠠᠷ ᠪᠸᠷᠺᠤᠲ︾ ᠺᠢᠨᠤ᠋  ᠳᠤ ᠲᠤᠭᠯᠠᠵᠠᠢ

ᠤᠯᠤᠰ ᠤᠨ ᠳ᠋ᠷᠠᠮ ᠤᠨ ᠡᠷᠳᠡᠮ ᠦᠨ ᠲᠢᠶᠠᠲ᠋ᠷ ᠤᠨ ᠵᠦᠴᠦᠭᠡᠴᠢᠨ ᠼ∙ᠰᠡᠷᠡᠩᠪᠣᠯᠣᠳ ᠤᠨ ᠲᠣᠭᠯᠠᠭᠰᠠᠨ ︽ᠵᠠᠬᠠᠷ ᠪᠸᠷᠺᠤᠲ︾  ᠪᠤᠶᠤ ︽ᠳᠡᠭᠦᠯᠢᠨ ᠨᠢᠰᠬᠦ ᠬᠠᠷᠴᠠᠭᠠᠢ︾ ᠤᠷᠠᠨ ᠰᠠᠶᠢᠬᠠᠨ ᠤ ᠺᠢᠨᠤ᠋ ᠤᠳᠠᠬᠤ ᠦᠭᠡᠢ ᠪᠡᠯᠡᠨ ᠪᠤᠯᠤᠨ᠎ᠠ᠃   ᠦᠺᠷᠠᠶᠢᠨ᠂ ᠠᠮᠧᠷᠢᠺᠠ ᠶᠢᠨ ᠤᠷᠠᠨ ᠪᠦᠲᠦᠭᠡᠯᠴᠢᠳ ᠦᠨ ᠬᠠᠮᠲᠤᠷᠠᠭᠰᠠᠨ ᠡᠨᠡ ᠤᠷᠠᠨ ᠰᠠᠶᠢᠬᠠᠨ ᠤ ᠺᠢᠨᠣ᠋ ᠨᠢ 2019 ᠣᠨ ᠤ ᠠᠷᠪᠠᠳᠤᠭᠠᠷ ᠰᠠᠷ᠎ᠠ ᠳᠤ ᠨᠡᠭᠡᠭᠡᠯᠲᠡ ᠪᠡᠨ ᠬᠢᠬᠦ ᠪᠡᠷ ᠲᠣᠪᠯᠠᠭᠰᠠᠨ ᠪᠥᠭᠡᠳ ᠨᠡᠶᠢᠲᠡ 110 ᠮᠢᠨᠦ᠋ᠲ ᠦᠷᠭᠦᠯᠵᠢᠯᠡᠬᠦ ᠭᠡᠨ᠎ᠡ᠃ ᠳᠡᠯᠭᠡᠴᠡ ᠶᠢᠨ ᠤᠭ ᠪᠦᠲᠦᠭᠡᠯ ᠢ ᠠᠾᠲ᠋ᠧᠮ ᠰᠧᠢᠲ᠋ᠠᠪᠯᠸ᠂  ᠵᠤᠨ ᠸᠢᠨ ᠨᠠᠷ ᠬᠠᠮᠲᠤᠷᠠᠨ ᠨᠠᠶᠢᠷᠠᠭᠤᠯᠵᠠᠢ᠃
ᠺᠢᠨᠤ᠋ ᠶᠢᠨ ᠦᠢᠯᠡ ᠶᠠᠪᠤᠳᠠᠯ 1241 ᠣᠨ ᠳᠤ ᠥᠷᠨᠢᠳᠡᠭ᠃ ᠲᠤᠬᠠᠶᠢᠯᠠᠪᠠᠯ᠂ ᠮᠣᠩᠭᠣᠯ ᠤᠨ ᠪᠠᠲᠤ ᠬᠠᠭᠠᠨ ᠤ ᠶᠡᠬᠡ ᠴᠡᠷᠢᠭ ᠺᠠᠷᠫᠠᠲ ᠤᠨ ᠠᠭᠤᠯᠠᠰ ᠢ ᠳᠠᠪᠠᠭᠠᠳ ᠲᠦᠷ ᠪᠠᠭᠤᠳᠠᠯᠯᠠᠨ᠎ᠠ᠃ ᠰᠥᠨᠢ ᠨᠢ ᠨᠤᠲᠤᠭ ᠤᠨ ᠠᠩᠴᠢᠨ ᠪᠧᠷᠺᠦᠶᠢᠲ ᠢᠶᠡᠷ ᠤᠳᠤᠷᠢᠳᠤᠭᠤᠯᠤᠭᠰᠠᠨ ᠬᠡᠰᠡᠭ ᠠᠩᠴᠢᠨ ᠮᠣᠩᠭᠣᠯ ᠤᠨ ᠴᠡᠷᠢᠭ ᠦᠨ ᠬᠤᠸᠠᠷᠠᠨ ᠳᠤ ᠨᠢᠭᠤᠴᠠ ᠪᠠᠷ ᠨᠡᠪᠲᠡᠷᠡᠵᠦ ᠂ ᠣᠯᠵᠠᠨ ᠤ ᠬᠦᠮᠦᠰ ᠢ ᠰᠤᠯᠠᠯᠠᠳᠠᠭ᠃ ᠠᠭᠤᠷ ᠨᠢ ᠬᠦᠷᠦᠭᠰᠡᠨ ᠬᠠᠭᠠᠨ ᠲᠡᠷᠡ ᠨᠤᠲᠤᠭ ᠢ ᠦᠨᠡᠰᠦᠨ ᠲᠣᠪᠷᠠᠭ ᠪᠣᠯᠭᠠᠬᠤ ᠵᠠᠷᠯᠢᠭ ᠪᠠᠭᠤᠯᠭᠠᠨ᠎ᠠ᠃ ᠣᠯᠵᠠᠨ ᠳᠤ ᠰᠢᠨᠤᠵᠤ ᠤᠷᠪᠠᠭᠰᠠᠨ ᠨᠢᠭᠡᠨ ᠡᠷ᠎ᠡ ᠮᠣᠩᠭᠣᠯᠴᠤᠳ ᠲᠤ ᠤᠤᠯ ᠤᠨ ᠨᠢᠭᠤᠴᠠ ᠵᠢᠮ ᠢ ᠵᠢᠭᠠᠵᠤ ᠥᠭᠭᠦᠭᠰᠡᠨ ᠢᠶᠡᠷ ᠨᠤᠲᠤᠭ ᠤᠨ ᠬᠢᠨ ᠬᠦᠨᠳᠦ ᠪᠠᠶᠢᠳᠠᠯ ᠳᠤ ᠣᠷᠣᠨ᠎ᠠ᠃ ᠡᠨᠡ ᠦᠶ᠎ᠡ ᠳᠦ ᠪᠧᠷᠺᠦᠶᠢᠲ ᠢᠶᠡᠷ ᠤᠳᠤᠷᠢᠳᠤᠭᠤᠯᠤᠭᠰᠠᠨ ᠬᠡᠰᠡᠭ ᠠᠩᠴᠢᠨ ᠮᠣᠩᠭᠣᠯᠴᠤᠳ ᠤᠨ ᠡᠰᠡᠷᠭᠦ ᠲᠡᠮᠡᠴᠡᠬᠦ ᠪᠡᠷ ᠪᠣᠰᠳᠠᠭ ᠲᠤᠬᠠᠢ ᠦᠭᠦᠯᠡᠳᠡᠭ ᠠᠵᠡᠢ᠃

ᠰᠡᠳᠬᠢᠭᠳᠡᠯ ᠦᠯᠡᠳᠡᠭᠡᠬᠦ