3X3  ᠶᠢᠨ ᠲᠠᠮᠢᠷᠴᠢᠳ ᠳᠡᠯᠡᠬᠡᠢ ᠶᠢᠨ ᠲᠡᠮᠡᠴᠡᠭᠡᠨ ᠳᠦ ᠤᠷᠤᠯᠴᠠᠨ᠎ᠠ | News.MN

3X3  ᠶᠢᠨ ᠲᠠᠮᠢᠷᠴᠢᠳ ᠳᠡᠯᠡᠬᠡᠢ ᠶᠢᠨ ᠲᠡᠮᠡᠴᠡᠭᠡᠨ ᠳᠦ ᠤᠷᠤᠯᠴᠠᠨ᠎ᠠ

 

ᠡᠨᠡ ᠰᠠᠷ᠎ᠠ ᠶᠢᠨ 18-23 ᠍ ᠳᠦ ᠠᠮᠰᠲ᠋ᠧᠷᠳᠠᠮ ᠬᠤᠲᠠ ᠳᠤ ᠪᠣᠯᠬᠤ ᠰᠠᠭᠰᠤᠨ ᠪᠥᠮᠪᠥᠭᠡ ᠶᠢᠨ 3×3 ᠲᠥᠷᠥᠯ ᠦᠨ ᠨᠠᠰᠤᠨ ᠳᠤ ᠬᠦᠷᠦᠭᠰᠡᠳ ᠦᠨ ᠵᠢᠷᠭᠤᠭ᠎ᠠ ᠳ᠋ᠡᠬᠢ ᠤᠳᠠᠭ᠎ᠠ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠮᠠᠨ ᠤ ᠡᠷᠡᠭᠲᠡᠢ᠂ ᠡᠮᠡᠭᠲᠡᠢ ᠰᠢᠭᠰᠢᠭᠡ ᠪᠠᠭ ᠤᠷᠤᠯᠴᠠᠬᠤ ᠶᠤᠮ᠃  ᠲᠡᠳᠡ ᠧᠦ᠋ᠷᠣᠫᠠ ᠲᠢᠪ ᠢ ᠵᠣᠷᠢᠭᠰᠠᠨ ᠪᠥᠭᠡᠳ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠡᠮᠦᠨ᠎ᠡ ᠡᠷᠡᠭᠲᠡᠶᠢᠴᠦᠳ ᠬᠣᠷᠸᠠᠲ ᠤᠨ  ᠭᠷᠡᠨᠫᠷᠢ ᠲᠡᠮᠡᠴᠡᠭᠡᠨ ᠳᠦ᠂ ᠡᠮᠡᠭᠲᠡᠶᠢᠴᠦᠳ ᠢᠲ᠋ᠠᠯᠢ ᠳᠤ ᠵᠢᠷᠭᠤᠳᠤᠭᠠᠷ ᠰᠠᠷ᠎ᠠ ᠶᠢᠨ 14-15 ᠍ ᠳᠦ Womens Series League ᠲᠡᠮᠡᠴᠡᠭᠡᠨ ᠳᠦ ᠤᠷᠤᠯᠴᠠᠬᠤ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ