ᠰᠫᠣᠷᠲ ᠤᠨ ᠪᠦᠵᠢᠭᠴᠢᠳ ᠥᠷᠢᠰᠦᠯᠳᠦᠪᠡ  | News.MN

ᠰᠫᠣᠷᠲ ᠤᠨ ᠪᠦᠵᠢᠭᠴᠢᠳ ᠥᠷᠢᠰᠦᠯᠳᠦᠪᠡ 

ᠤᠯᠠᠭᠠᠨᠪᠠᠭᠠᠲᠤᠷ ᠬᠣᠲᠠ ᠶᠢᠨ ᠪᠦᠵᠢᠭ ᠦᠨ ᠰᠫᠣᠷᠲ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠨᠡ ᠰᠠᠷ᠎ᠠ ᠶᠢᠨ 8 ᠳᠦ ︽ᠠᠯᠳᠠᠷ︾ ᠰᠫᠣᠷᠲ ᠬᠣᠷᠢᠶᠠᠨ ᠤ ᠪᠠᠶᠢᠷᠢᠨ ᠳᠤ ᠠᠮᠵᠢᠯᠲᠠᠲᠠᠢ ᠵᠣᠬᠢᠶᠠᠨ ᠪᠠᠶᠢᠭᠤᠯᠵᠤ ᠰᠢᠯᠢᠳᠡᠭ ᠦᠳ ᠢᠶᠡᠨ ᠲᠣᠳᠣᠷᠠᠭᠤᠯᠤᠯ᠎ᠠ᠃ ᠲᠡᠮᠡᠴᠡᠭᠡᠨ ᠳᠦ ᠤᠯᠠᠭᠠᠨᠪᠠᠭᠠᠲᠤᠷ ᠬᠤᠲᠠ ᠳᠤ ᠰᠤᠷᠭᠠᠯᠲᠠ ᠶᠠᠪᠤᠭᠤᠯᠵᠤ ᠪᠤᠢ ᠪᠦᠵᠢᠭ ᠦᠨ ᠰᠫᠣᠷᠲ ᠤᠨ  ᠺᠯᠦ᠋ᠫ  ᠦᠳ᠂ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ᠂ ᠰᠤᠷᠭᠠᠭᠤᠯᠢ ᠶᠢᠨ ᠡᠮᠦᠨᠡᠬᠢ ᠪᠣᠯᠪᠠᠰᠤᠷᠠᠯ ᠤᠨ ᠪᠠᠶᠢᠭᠤᠯᠤᠯᠭ᠎ᠠ ᠶᠢᠨ ᠨᠡᠶᠢᠲᠡ 456 ᠲᠠᠮᠢᠷᠴᠢᠨ 8 ᠨᠠᠰᠤᠨ ᠤ ᠠᠩᠭᠢᠯᠠᠯ ᠤᠨ 40 ᠲᠥᠷᠥᠯ ᠳᠦ ᠤᠷ᠎ᠠ ᠴᠢᠳᠠᠪᠤᠷᠢ ᠪᠠᠨ ᠰᠣᠷᠢᠨ ᠥᠷᠢᠰᠦᠯᠳᠦᠯ᠎ᠡ᠃ ᠮᠣᠩᠭᠣᠯ ᠤᠨ ᠪᠦᠵᠢᠭ ᠦᠨ ᠰᠫᠣᠷᠲ ᠤᠨ ᠰᠢᠭᠦᠭᠴᠢᠳ ᠦᠨ ᠨᠡᠶᠢᠲᠡ ᠪᠦᠷᠢᠯᠳᠦᠬᠦᠨ ᠪᠣᠯᠤᠨ ᠣᠷᠣᠰ ᠤᠨ ᠪᠤᠷᠢᠶᠠᠳ ᠤᠯᠤᠰ ᠤᠨ ᠪᠦᠵᠢᠭ ᠦᠨ ᠰᠫᠣᠷᠲ ᠤᠨ ᠬᠣᠯᠪᠣᠭᠠᠨ ᠤ ᠳᠡᠳ᠋ ᠶᠡᠷᠦᠩᠬᠡᠶᠢᠯᠡᠭᠴᠢ᠂ ᠣᠯᠠᠨ ᠤᠯᠤᠰ ᠤᠨ ᠰᠢᠭᠦᠭᠴᠢ ᠶᠢᠨ ᠪᠣᠯᠵᠣᠯ ᠬᠠᠩᠭᠠᠭᠠᠳ ᠪᠤᠢ ᠠᠯᠧᠺᠰᠠᠨᠳᠠᠷ ᠵᠦᠪᠸᠨᠺᠤ ᠤᠷᠢᠯᠭ᠎ᠠ ᠪᠠᠷ ᠢᠷᠡᠵᠦ ᠠᠵᠢᠯᠯᠠᠭᠰᠠᠨ ᠶᠤᠮ᠃
ᠲᠡᠮᠡᠴᠡᠭᠡᠨ ᠦ ᠦᠶ᠎ᠡ ᠪᠡᠷ ᠣᠷᠣᠰ  ᠤᠨ ᠪᠦᠵᠢᠭ ᠦᠨ ᠰᠫᠣᠷᠲ ᠤᠨ ᠮᠠᠰᠲ᠋ᠸᠷ᠂ ᠡᠷᠬᠦᠦ ᠶᠢᠨ ᠪᠣᠯᠤᠨ  ᠰᠢᠪᠸᠷᠢᠶ᠎ᠠ ᠶᠢᠨ ᠣᠯᠠᠨ ᠤᠳᠠᠭ᠎ᠠ ᠶᠢᠨ ᠠᠪᠤᠷᠭᠤ ᠢᠯᠢᠶᠠ ᠪᠸᠯᠤᠪᠤᠷᠤᠳᠤᠪ᠂ ᠸᠢᠺᠲ᠋ᠣᠷᠢᠶ᠎ᠠ ᠺᠤᠴᠺᠢᠨᠠ ᠨᠠᠷ  ︽ᠬᠦᠮᠦᠨ ᠪᠦᠷᠢ ᠳᠤᠷᠠᠯᠠᠵᠤ ᠪᠣᠯᠤᠨ᠎ᠠ︾ ᠂ ︽ᠠᠨᠨᠠ ᠺᠠᠷᠸᠨᠢᠨᠠ︾᠂  ︽ᠬᠤᠪᠢ ᠬᠦᠮᠦᠨ ᠦ ᠥᠭᠡᠷᠡᠴᠢᠯᠡᠯᠲᠡ》 ᠦᠵᠡᠭᠦᠯᠪᠦᠷᠢ ᠨᠦᠭᠦᠳ ᠢᠶᠡᠨ ᠦᠵᠡᠭᠴᠢ᠂ ᠬᠥᠭᠵᠢᠶᠡᠨ ᠳᠡᠮᠵᠢᠭᠴᠢᠳ ᠲᠦ ᠰᠣᠨᠢᠷᠬᠠᠭᠤᠯᠤᠯ᠎ᠠ  ᠃

ᠰᠡᠳᠬᠢᠭᠳᠡᠯ ᠦᠯᠡᠳᠡᠭᠡᠬᠦ