ᠬᠠᠤᠯᠢᠴᠢᠳ ᠨᠢᠭᠡᠳᠦᠯ᠎ᠡ  | News.MN

ᠬᠠᠤᠯᠢᠴᠢᠳ ᠨᠢᠭᠡᠳᠦᠯ᠎ᠡ 

ᠤᠯᠤᠰ ᠤᠨ ᠶᠡᠬᠡ ᠬᠤᠷᠠᠯ ᠦᠨ ᠭᠡᠰᠢᠭᠦᠨ᠂ ᠭᠠᠪᠢᠶᠠᠲᠤ ᠬᠠᠤᠯᠢᠴᠢ ᠳ∙ᠯᠦᠩᠳᠦᠭᠵᠡᠯᠰᠡᠨ ᠮᠣᠩᠭᠣᠯ ᠤᠯᠤᠰ ᠤᠨ ᠦᠨᠳᠦᠰᠦᠨ ᠬᠠᠤᠯᠢ ᠳᠤ ᠨᠡᠮᠡᠯᠲᠡ ᠥᠭᠡᠷᠡᠴᠢᠯᠡᠯᠲᠡ ᠤᠷᠤᠭᠤᠯᠬᠤ ᠲᠤᠬᠠᠢ ᠬᠠᠤᠯᠢ ᠶᠢᠨ ᠲᠥᠰᠥᠯ ᠢ ᠥᠩᠭᠡᠷᠡᠭᠰᠡᠨ ᠫᠦᠷᠪᠦ ᠭᠠᠷᠠᠭ ᠲᠤ ᠤᠯᠤᠰ ᠤᠨ ᠶᠡᠬᠡ ᠬᠤᠷᠠᠯ ᠤᠨ ᠳᠠᠷᠤᠭ᠎ᠠ ᠭ∙ᠽᠠᠨᠳᠠᠨᠰᠢᠲᠠᠷ᠎ᠠ ᠳᠤ ᠡᠷᠭᠦᠨ ᠪᠠᠷᠢᠭᠰᠠᠨ᠃ ᠡᠭᠦᠨ ᠲᠡᠢ ᠬᠣᠯᠪᠣᠭᠠᠲᠠᠢ ᠪᠠᠷ ᠦᠨᠳᠦᠰᠦᠨ ᠬᠠᠤᠯᠢ ᠶᠢᠨ ᠡᠷᠬᠡ ᠵᠦᠢᠴᠢᠳ᠂ ᠬᠠᠤᠯᠢᠴᠢᠳ ᠰᠠᠶ᠋ᠢᠬᠠᠨ ᠠᠭᠤᠯᠵᠠᠭᠰᠠᠨ ᠶᠤᠮ᠃
ᠠᠭᠤᠯᠵᠠᠯᠲᠠ ᠳᠤ ᠬᠠᠤᠯᠢ ᠵᠦᠢ ᠶᠢᠨ ᠳ᠋ᠣᠺᠲ᠋ᠣᠷ ᠳ∙ᠰᠦᠨᠵᠢᠳ᠂ ᠮᠣᠩᠭᠣᠯ ᠤᠯᠤᠰ ᠤᠨ ᠶᠡᠬᠡ ᠰᠤᠷᠭᠠᠭᠤᠯᠢ  ᠶᠢᠨ ᠳᠡᠳ᠋ ᠫᠷᠣᠹᠧᠰᠰᠣᠷ᠂ ᠳ᠋ᠣᠺᠲ᠋ᠣᠷ ᠣ᠊∙ᠮᠥᠩᠬᠡᠰᠠᠶᠢᠬᠠᠨ᠂ ᠮᠣᠩᠭᠣᠯ ᠤᠨ ᠬᠠᠤᠯᠢᠴᠢᠳ ᠤᠨ ᠬᠣᠯᠪᠣᠭᠠᠨ ᠤ ᠶᠡᠷᠦᠩᠬᠡᠶᠢᠯᠡᠭᠴᠢ ᠠᠰᠠᠨ᠂ ᠳ᠋ᠣᠺᠲ᠋ᠣᠷ ᠪ∙ᠭᠦᠨᠪᠢᠯᠢᠭ᠂ ᠳ᠋ᠣᠺᠲ᠋ᠣᠷ ᠴ∙ᠥᠨᠢᠷᠪᠠᠶᠠᠷ᠂ ᠤᠯᠤᠰ ᠤᠨ ᠶᠡᠬᠡ ᠬᠤᠷᠠᠯ ᠤᠨ ᠭᠡᠰᠢᠭᠦᠨ ᠠᠰᠠᠨ᠂ ᠬᠠᠤᠯᠢᠴᠢ ᠵ∙ᠰᠦᠬᠡᠪᠠᠭᠠᠲᠤᠷ᠂ ᠬᠠᠤᠯᠢ ᠵᠦᠢ ᠶᠢᠨ ᠰᠠᠶᠢᠳ ᠠᠰᠠᠨ ᠬ∙ᠲᠡᠮᠦᠵᠢᠨ᠂ ᠬᠠᠤᠯᠢ ᠵᠦᠢ ᠳᠣᠲᠣᠭᠠᠳᠤ ᠬᠡᠷᠡᠭ ᠦᠨ ᠳᠡᠳ᠋ ᠰᠠᠶᠢᠳ ᠠᠰᠠᠨ ᠪ∙ᠡᠩᠬᠡᠪᠠᠶᠠᠷ᠂ ᠬᠠᠤᠯᠢᠴᠢᠳ ᠤᠨ ᠬᠣᠯᠪᠣᠭᠠᠨ ᠤ ᠭᠡᠰᠢᠭᠦᠨ᠂ ᠬᠠᠤᠯᠢᠴᠢ ᠵ∙ᠡᠷᠬᠢᠮᠪᠠᠭᠠᠲᠤᠷ᠂ ᠵᠠᠰᠠᠭ ᠤᠨ ᠭᠠᠵᠠᠷ ᠤᠨ ᠬᠠᠤᠯᠢ ᠵᠦᠢ ᠶᠢᠨ ᠭᠠᠵᠠᠷ ᠤᠨ ᠳᠠᠷᠤᠭ᠎ᠠ ᠠᠰᠠᠨ᠂ ᠬᠠᠤᠯᠢᠴᠢ ᠳ∙ᠮᠥᠩᠬᠡ-ᠡᠷᠳᠡᠨᠢ᠂ ᠬᠠᠤᠯᠢ ᠵᠦᠢ ᠶᠢᠨ ᠦᠨᠳᠦᠰᠦᠨ ᠦ ᠬᠦᠷᠢᠶᠡᠯᠡᠩ ᠦᠨ ᠵᠠᠬᠢᠷᠤᠯ ᠠᠰᠠᠨ᠂ ᠬᠠᠤᠯᠢᠴᠢ ᠬ∙ᠨᠤᠮᠢᠩᠭᠡᠷᠡᠯ ᠨᠠᠷ ᠣᠷᠣᠯᠴᠠᠯ᠎ᠠ᠃
ᠲᠡᠳᠡ ᠦᠨᠳᠦᠰᠦᠨ ᠬᠠᠤᠯᠢ ᠳᠤ ᠨᠡᠮᠡᠯᠲᠡ ᠥᠭᠡᠷᠡᠴᠢᠯᠡᠯᠲᠡ ᠤᠷᠤᠭᠤᠯᠬᠤ ᠴᠢᠬᠤᠯᠠ ᠠᠰᠠᠭᠤᠳᠠᠯ ᠳᠤ ᠨᠢᠭᠡᠳᠦᠮᠡᠯ ᠪᠣᠳᠣᠯᠭ᠎ᠠ᠂ ᠠᠵᠢᠯ ᠬᠡᠷᠡᠭᠴᠢ ᠰᠠᠨᠠᠯ᠂ ᠰᠠᠨᠠᠭᠠᠴᠢᠯᠠᠭ᠎ᠠ ᠭᠠᠷᠭᠠᠬᠤ ᠪᠠᠷ ᠲᠣᠭᠲᠠᠯ᠎ᠠ᠃ ᠳᠠᠷᠠᠭ᠎ᠠ ᠶᠢᠨ ᠠᠭᠤᠯᠵᠠᠯᠲᠠ ᠪᠠᠨ ᠤᠳᠠᠬᠤ ᠦᠭᠡᠢ ᠬᠢᠬᠦ ᠪᠡᠷ ᠲᠥᠯᠥᠪᠯᠡᠵᠡᠢ᠃

 

ᠰᠡᠳᠬᠢᠭᠳᠡᠯ ᠦᠯᠡᠳᠡᠭᠡᠬᠦ