ᠵ∙ᠪᠠᠲᠤᠽᠠᠨᠳᠠᠨ᠂ ᠯ∙ᠪᠣᠯᠣᠳ ᠨᠠᠷ ᠨᠠᠮ ᠢᠶᠠᠨ ᠪᠦᠷᠢᠳᠭᠡᠭᠦᠯᠦᠨ᠎ᠡ  | News.MN

ᠵ∙ᠪᠠᠲᠤᠽᠠᠨᠳᠠᠨ᠂ ᠯ∙ᠪᠣᠯᠣᠳ ᠨᠠᠷ ᠨᠠᠮ ᠢᠶᠠᠨ ᠪᠦᠷᠢᠳᠭᠡᠭᠦᠯᠦᠨ᠎ᠡ 

ᠤᠯᠤᠰ ᠤᠨ ᠶᠡᠬᠡ ᠬᠤᠷᠠᠯ ᠤᠨ ᠭᠡᠰᠢᠭᠦᠨ ᠯ∙ᠪᠣᠯᠣᠳ᠂ ᠵ∙ᠪᠠᠲᠤᠽᠠᠨᠳᠠᠨ ᠨᠠᠷ ᠤᠨ ᠰᠠᠨᠠᠭᠠᠴᠢᠯᠠᠨ᠂ ᠡᠭᠦᠰᠬᠡᠨ ᠪᠠᠶᠢᠭᠤᠯᠵᠤ ᠪᠤᠢ ᠰᠢᠳᠤᠷᠭᠤ ᠢᠷᠭᠡᠳ ᠦᠨ ᠨᠢᠭᠡᠳᠦᠭᠰᠡᠨ ᠡᠪᠰᠡᠯ ᠨᠠᠮ ︵ШИНЭ︶ ᠢ ᠥᠨᠥᠳᠥᠷ  ︵2019.06.12︶ ᠠᠯᠪᠠᠨ ᠶᠣᠰᠣᠭᠠᠷ ᠪᠥᠷᠢᠳᠬᠡᠭᠦᠯᠬᠦ ᠬᠦᠰᠡᠯᠲᠡ ᠪᠡᠨ ᠤᠯᠤᠰ ᠤᠨ ᠳᠡᠭᠡᠳᠦ ᠰᠢᠭᠦᠬᠦ ᠳᠦ ᠭᠠᠷᠭᠠᠯ᠎ᠠ᠃ ᠲᠤᠰ ᠨᠠᠮ ᠵᠢᠷᠭᠤᠳᠤᠭᠠᠷ ᠰᠠᠷ᠎ᠠ ᠶᠢᠨ 6 ᠍ ᠤ ᠡᠳᠦᠷ ᠲᠥᠷᠥ ᠶᠢᠨ ᠣᠷᠳᠣᠨ ᠳᠤ ᠠᠩᠬᠠᠳᠤᠭᠠᠷ ᠶᠡᠬᠡ ᠬᠤᠷᠠᠯᠳᠤᠭᠠᠨ ᠢᠶᠠᠨ ᠬᠢᠵᠦ᠂ ᠨᠠᠮ ᠤᠨ ᠳᠦᠷᠢᠮ᠂ ᠨᠠᠮ ᠤᠨ ᠳᠠᠷᠤᠭ᠎ᠠ ᠪᠠᠨ ᠰᠣᠩᠭᠣᠭᠰᠠᠨ ᠶᠤᠮ᠃ ᠶᠡᠬᠡ ᠬᠤᠷᠠᠯ ᠳᠤ ᠣᠷᠣᠯᠴᠠᠭᠰᠠᠨ ᠭᠡᠰᠢᠭᠦᠳ ᠦᠨ ᠣᠯᠠᠩᠬᠢ ᠨᠢ ᠵ∙ᠪᠠᠲᠤᠽᠠᠨᠳᠠᠨ ᠢ ᠨᠠᠮ ᠤᠨ ᠳᠠᠷᠤᠭ᠎ᠠ ᠪᠠᠷ ᠰᠣᠩᠭᠣᠭᠰᠠᠨ ᠶᠤᠮ᠃ ᠮᠥᠨ ᠨᠠᠮ ᠤᠨ ᠲᠥᠪ ᠵᠥᠪᠯᠡᠯ ᠦᠨ ᠳᠠᠷᠤᠭ᠎ᠠ ᠪᠠᠷ ᠯ∙ᠪᠣᠯᠣᠳ ᠢ ᠪᠠᠲᠤᠯᠠᠮᠵᠢᠯᠠᠬᠤ ᠶᠢᠨ ᠵᠡᠷᠭᠡᠴᠡᠭᠡ ᠨᠠᠮ ᠤᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠪᠠᠷ ᠪ∙ᠮᠥᠩᠬᠡᠵᠢᠷᠭᠠᠯ ᠨᠠᠷ ᠢ ᠰᠣᠩᠭᠣᠭᠰᠠᠨ ᠶᠤᠮ᠃  ᠲᠤᠰ ᠨᠠᠮ ᠳᠤ ᠤᠯᠤᠰ ᠤᠨ ᠶᠡᠬᠡ ᠬᠤᠷᠠᠯ ᠦᠨ ᠭᠡᠰᠢᠭᠦᠨ ᠰ∙ᠵᠢᠪᠬᠤᠯᠠᠩ ᠨᠢᠭᠡᠳᠴᠦ ᠪᠠᠶᠢᠭ᠎ᠠ ᠪᠠᠨ ᠢᠯᠡᠷᠬᠡᠶᠢᠯᠡᠭᠡᠳ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ