ᠠᠩᠭᠯᠢ ᠳᠤ ᠬᠢᠬᠦ The Hu ᠬᠠᠮᠲᠤᠯᠢᠭ ᠤᠨ ᠲᠣᠭᠯᠠᠯᠲᠠ ᠶᠢᠨ ᠲᠠᠰᠤᠯᠪᠤᠷᠢ ᠳᠠᠭᠤᠰᠴᠠᠢ  | News.MN

ᠠᠩᠭᠯᠢ ᠳᠤ ᠬᠢᠬᠦ The Hu ᠬᠠᠮᠲᠤᠯᠢᠭ ᠤᠨ ᠲᠣᠭᠯᠠᠯᠲᠠ ᠶᠢᠨ ᠲᠠᠰᠤᠯᠪᠤᠷᠢ ᠳᠠᠭᠤᠰᠴᠠᠢ 

ᠧᠦ᠋ᠷᠣᠫᠠ ᠶᠢᠨ 23 ᠣᠷᠣᠨ ᠢᠶᠠᠷ ᠠᠶᠠᠯᠠᠨ ᠲᠣᠭᠯᠠᠯᠲᠠ ᠬᠢᠵᠦ ᠪᠤᠢ The Hu ᠬᠠᠮᠲᠤᠯᠢᠭ ᠢ ᠥᠴᠥᠭᠡᠳᠦᠷ ᠪᠤᠶᠤ ᠡᠨᠡ ᠰᠠᠷ᠎ᠠ ᠶᠢᠨ 10  ᠳᠦ ᠮᠣᠩᠭᠣᠯ ᠤᠯᠤᠰ ᠠᠴᠠ  ᠶᠡᠬᠡ ᠪᠷᠢᠲ᠋ᠠᠨ᠍ ᠳᠦ ᠰᠠᠭᠤᠭ᠎ᠠ ᠡᠯᠴᠢᠨ ᠰᠠᠶᠢᠳ ᠨ ∙ ᠲᠤᠯᠭ᠎ᠠ ᠬᠦᠯᠢᠶᠡᠨ ᠠᠪᠴᠤ ᠠᠭᠤᠯᠵᠠᠪᠠ᠃ ᠷᠣᠺ᠂ ᠫᠣᠫ ᠤᠷᠠᠯᠢᠭ ᠤᠨ  ᠶᠢᠷᠲᠢᠨᠴᠦ ᠳᠦ ︽ᠾᠦᠩᠨᠤ ᠷᠣᠺ︾ ᠭᠡᠬᠦ ᠰᠢᠨ᠎ᠡ ᠤᠷᠤᠰᠬᠠᠯ ᠢᠶᠠᠷ ᠤᠷᠠᠨ ᠪᠦᠲᠦᠭᠡᠯ ᠢᠶᠡᠨ ᠲᠤᠭᠤᠷᠪᠢᠵᠤ᠂ ᠳᠡᠯᠡᠬᠡᠢ ᠳ᠋ᠠᠬᠢᠨ ᠳᠤ ᠣᠯᠠᠨ ᠰᠠᠶ᠎ᠠ ᠰᠣᠨᠣᠰᠤᠭᠴᠢ᠂ ᠳᠡᠮᠵᠢᠭᠴᠢ ᠲᠡᠢ ᠪᠣᠯᠵᠤ ᠪᠤᠢ THE HU ᠪᠤᠶᠤ ᠬᠥᠮᠥᠨ ᠬᠠᠮᠲᠤᠯᠢᠭ ᠡᠨᠡ ᠰᠠᠷ᠎ᠠ ᠶᠢᠨ 6  ᠠᠴᠠ ᠡᠬᠢᠯᠡᠨ ᠧᠦ᠋ᠷᠣᠫᠠ ᠶᠢᠨ ᠣᠷᠣᠨ ᠨᠤᠭᠤᠳ ᠢᠶᠠᠷ ᠠᠶᠠᠯᠠᠨ ᠲᠣᠭᠯᠠᠵᠤ ᠪᠤᠢ ᠶᠤᠮ᠃
ᠲᠡᠳᠡ ᠡᠨᠡ ᠰᠠᠷ᠎ᠠ ᠶᠢᠨ 11 ᠡᠴᠡ ᠡᠬᠢᠯᠡᠨ  ᠶᠡᠬᠡ ᠪᠷᠢᠲ᠋ᠠᠨ ᠤ  ᠯᠣᠨᠳᠣᠨ᠂ ᠮᠠᠴᠧᠰᠲ᠋ᠧᠷ ᠵᠡᠷᠭᠡ ᠵᠢᠷᠭᠤᠭᠠᠨ ᠬᠤᠲᠠ ᠳᠤ ᠲᠣᠭᠯᠠᠬᠤ ᠶᠤᠮ᠃ ᠲᠣᠭᠯᠠᠯᠲᠠ ᠶᠢᠨ ᠲᠠᠰᠤᠯᠪᠤᠷᠢ ᠵᠠᠷᠤᠭᠳᠠᠵᠤ ᠳᠠᠭᠤᠰᠤᠭᠰᠠᠨ ᠴᠤ ᠲᠣᠭᠯᠠᠯᠲᠠ ᠶᠢ ᠨᠢ ᠦᠵᠡᠬᠦ ᠬᠦᠰᠡᠯ ᠲᠡᠢ ᠲᠡᠨᠳᠡ ᠠᠵᠢᠯᠯᠠᠵᠤ ᠠᠮᠢᠳᠤᠷᠠᠵᠤ ᠪᠠᠶᠢᠭ᠎ᠠ ᠮᠣᠩᠭᠣᠯᠴᠤᠳ ᠪᠣᠯᠤᠨ ᠪᠷᠢᠲ᠋ᠠᠨᠴᠤᠤᠳ ᠣᠯᠠᠨ ᠪᠠᠶᠢᠭ᠎ᠠ ᠠᠵᠠᠢ ᠃ ᠡᠯᠴᠢᠨ ᠰᠠᠶᠢᠳ ᠤᠨ ᠶᠠᠮᠤᠨ ᠪᠣᠯᠤᠨ ᠲᠣᠭᠯᠠᠯᠲᠠ ᠶᠢᠨ ᠶᠡᠷᠦᠩᠬᠡᠢ ᠵᠣᠬᠢᠶᠠᠨ ᠪᠠᠶᠢᠭᠤᠯᠤᠭᠴᠢ Eleven Seven ᠰᠲ᠋ᠦ᠋ᠳᠢ ᠬᠠᠮᠲᠤᠷᠠᠨ ᠬᠡᠪᠯᠡᠯ ᠦᠨ ᠪᠠᠭ᠎ᠠ ᠬᠤᠷᠠᠯ᠂ ᠶᠠᠷᠢᠯᠴᠠᠯᠭ᠎ᠠ ᠵᠣᠬᠢᠶᠠᠨ ᠪᠠᠶᠢᠭᠤᠯᠵᠠᠢ᠃ ᠡᠭᠦᠨ ᠳᠦ  ᠪᠷᠢᠲ᠋ᠠᠨ ᠤ ᠨᠡᠷ᠎ᠡ ᠬᠦᠨᠳᠦᠲᠡᠢ BBC 3 World Music᠂ Daily Express ᠵᠡᠷᠭᠡ 20 ᠭᠠᠷᠤᠢ ᠬᠡᠪᠯᠡᠯ ᠮᠡᠳᠡᠭᠡᠯᠡᠯ ᠦᠨ ᠪᠠᠶᠢᠭᠤᠯᠤᠯᠭ᠎ᠠ ᠶᠢᠨ 40 ᠲᠥᠯᠥᠭᠡᠯᠡᠭᠴᠢ ᠣᠷᠣᠯᠴᠠᠵᠤ᠂ The Hu ᠬᠠᠮᠲᠤᠯᠢᠭ ᠤᠨ ᠬᠠᠮᠲᠤᠯᠢᠭ ᠤᠨ ᠤᠷᠠᠨ ᠪᠦᠲᠦᠭᠡᠯ᠂ ᠮᠣᠩᠭᠣᠯ ᠬᠥᠭᠵᠢᠮ ᠦᠨ ᠭᠠᠶᠢᠬᠠᠮᠰᠢᠭ ᠤᠨ ᠲᠠᠯ᠎ᠠ ᠪᠠᠷ ᠴᠢᠯᠦᠭᠡᠲᠦ ᠶᠠᠷᠢᠶ᠎ᠠ ᠥᠷᠨᠢᠭᠦᠯᠦᠯ᠎ᠡ᠃

ᠰᠡᠳᠬᠢᠭᠳᠡᠯ ᠦᠯᠡᠳᠡᠭᠡᠬᠦ