ᠨᠠᠷᠣ  ᠪᠠᠨᠴᠢᠨ ᠭᠣᠪᠢ-ᠠᠯᠲᠠᠢ ᠠᠶᠢᠮᠠᠭ ᠲᠤ ᠮᠣᠷᠢᠯᠠᠯ᠎ᠠ  | News.MN

ᠨᠠᠷᠣ  ᠪᠠᠨᠴᠢᠨ ᠭᠣᠪᠢ-ᠠᠯᠲᠠᠢ ᠠᠶᠢᠮᠠᠭ ᠲᠤ ᠮᠣᠷᠢᠯᠠᠯ᠎ᠠ 

ᠡᠨᠡᠳᠬᠡᠭ ᠦᠨ 84 ᠰᠢᠳᠢᠲᠡᠨ ᠦ ᠨᠢᠭᠡ ᠨᠠᠷᠣ  ᠪᠠᠨᠴᠢᠨ ᠭᠡᠭᠡᠨᠲᠡᠨ ᠤᠯᠤᠰ ᠤᠨ ᠶᠡᠬᠡ ᠬᠤᠷᠠᠯ ᠤᠨ ᠭᠡᠰᠢᠭᠦᠨ ᠱ∙ ᠷᠠᠳᠨᠠᠰᠸᠳᠢ  ᠶᠢᠨ ᠤᠷᠢᠯᠭ᠎ᠠ ᠪᠠᠷ ᠭᠣᠪᠢ-ᠠᠯᠲᠠᠢ ᠠᠶᠢᠮᠠᠭ ᠲᠤ ᠰᠦᠰᠦᠭᠲᠡᠨ  ᠤᠯᠠᠨ  ᠳᠤ ᠨᠣᠮ ᠤᠨ ᠠᠪᠢᠰᠢᠭ ᠬᠦᠷᠲᠡᠭᠡᠬᠦ ᠪᠡᠷ ᠵᠢᠷᠭᠤᠳᠤᠭᠠᠷ ᠰᠠᠷ᠎ᠠ ᠶᠢᠨ 10 ᠤ ᠡᠳᠦᠷ ᠬᠦᠷᠦᠯᠴᠡᠨ ᠢᠷᠡᠯ᠎ᠡ᠃
ᠲᠡᠷᠡ ᠪᠡᠷ ᠠᠩᠬ᠎ᠠ 2015 ᠣᠨ ᠳᠤ ᠲᠤᠬᠠᠢ ᠶᠢᠨ ᠦᠶ᠎ᠡ ᠶᠢᠨ ᠵᠠᠰᠠᠭ ᠳᠠᠷᠤᠭ᠎ᠠ ᠶᠢᠨ ᠤᠷᠢᠯᠭ᠎ᠠ ᠪᠠᠷ ᠲᠤᠰ ᠠᠶᠢᠮᠠᠭ ᠲᠤ ᠮᠣᠷᠢᠯᠠᠵᠤ ᠡᠮᠦᠨ᠎ᠡ ᠨᠢ ᠲᠣᠳᠣᠷᠠᠵᠤ ᠪᠠᠶᠢᠭᠰᠠᠨ ᠳᠦᠷᠢ ᠨᠤᠭᠦᠳ ᠤᠨ ᠢᠶᠠᠨ ᠬᠡᠶᠢᠳ ᠪᠠᠶᠢᠷᠢᠨ ᠤ  ᠬᠢᠨᠢ  ᠲᠤᠭᠤᠷᠢ ᠶᠢ ᠦᠵᠡᠬᠦ᠂ ᠱᠠᠪᠢ ᠨᠠᠷ ᠢᠶᠠᠨ ᠡᠷᠭᠢᠬᠦ᠂ ᠱᠠᠰᠢᠨ ᠨᠣᠮ ᠨᠢ ᠬᠢᠷᠢ ᠪᠠᠶᠢᠭ᠎ᠠ ᠲᠠᠢ ᠲᠠᠨᠢᠯᠴᠠᠵᠤ ᠪᠠᠶᠢᠭᠰᠠᠨ᠃ ᠬᠠᠷᠢᠨ ᠡᠨᠡ ᠤᠳᠠᠭ᠎ᠠ ᠮᠥᠨ ᠭᠣᠪᠢ-ᠠᠯᠲᠠᠢ ᠬᠣᠲᠠ ᠶᠢᠨ ᠲᠥᠪ ᠬᠡᠶᠢᠳ ᠳᠠᠰᠫᠧᠯᠵᠡᠢᠯᠢᠨ ᠬᠡᠶᠢᠳ ᠲᠦ ᠮᠣᠷᠢᠯᠠᠨ ᠴᠣᠭᠴᠢᠯ ᠬᠤᠷᠠᠯ ᠬᠤᠷᠠᠵᠤ᠂ ᠠᠷᠠᠳ ᠤᠨ ᠳᠠᠭᠤᠤ ᠪᠦᠵᠢᠭ ᠦᠨ ︽ᠠᠯᠲᠠᠢ︾ ᠴᠢᠭᠤᠯᠭ᠎ᠠ ᠳᠤ ᠵᠠᠯᠠᠭᠤᠰ ᠲᠤ ᠵᠣᠷᠢᠭᠤᠯᠤᠨ ︽ᠬᠦᠮᠦᠨ ᠦ ᠦᠨᠡᠲᠦ ᠵᠦᠢᠯ ᠪᠠ ᠲᠡᠭᠦᠨ ᠢ ᠬᠡᠷᠬᠢᠨ ᠣᠯᠬᠤᠢ ︾ ᠯᠧᠺᠼ ᠢᠶᠡᠨ ᠤᠩᠰᠢᠬᠤ ᠠᠵᠡᠢ᠃ ᠮᠥᠨ ᠵᠢᠷᠭᠤᠳᠤᠭᠠᠷ ᠰᠠᠷ᠎ᠠ ᠶᠢᠨ 11 ᠍ ᠦ ᠡᠳᠦᠷ ᠲᠤᠰ ᠠᠶᠢᠮᠠᠭ ᠤᠨ ᠪᠠᠶᠠᠷ ᠨᠠᠭᠠᠳᠤᠮ ᠤᠨ ᠲᠥᠪ ᠲᠠᠯᠠᠪᠠᠢ ᠳᠤ ᠰᠦᠰᠦᠭᠲᠡᠨ ᠤᠯᠠᠨ ᠳᠤ ᠵᠣᠷᠢᠭᠤᠯᠤᠨ ᠳᠡᠭᠡᠳᠦ ᠶᠢᠨ ᠨᠣᠮ ᠤᠨ ᠠᠶᠢᠯᠠᠳᠪᠤᠷᠢ ᠠᠶᠢᠯᠠᠳᠴᠤ᠂ ᠨᠠᠰᠤ ᠪᠤᠶᠠᠨ ᠢ ᠲᠡᠭᠰᠢᠳᠬᠡᠨ ᠠᠪᠢᠰᠢᠭ ᠬᠠᠶᠢᠷᠠᠯᠠᠬᠤ ᠶᠤᠮ᠃

ᠰᠡᠳᠬᠢᠭᠳᠡᠯ ᠦᠯᠡᠳᠡᠭᠡᠬᠦ