ᠴᠢᠩᠭᠡᠯᠢᠭ ᠲᠡᠢ ᠮᠠᠰᠢᠨ ᠢᠶᠠᠷ ᠨᠡᠭᠦᠷᠡᠰᠦ ᠵᠥᠭᠡᠭᠡᠳᠡᠭ ᠪᠣᠯᠤᠯ᠎ᠠ  | News.MN

ᠴᠢᠩᠭᠡᠯᠢᠭ ᠲᠡᠢ ᠮᠠᠰᠢᠨ ᠢᠶᠠᠷ ᠨᠡᠭᠦᠷᠡᠰᠦ ᠵᠥᠭᠡᠭᠡᠳᠡᠭ ᠪᠣᠯᠤᠯ᠎ᠠ 

 

ᠵᠠᠮ ᠲᠡᠭᠡᠭᠡᠪᠤᠷᠢ ᠶᠢᠨ ᠬᠦᠭᠵᠢᠯ ᠦᠨ ᠶᠠᠮᠤᠨ ᠤ ᠭᠠᠳᠠᠨ᠎ᠠ ᠲᠠᠯᠠᠪᠠᠢ ᠳᠤ ᠥᠨᠥᠳᠥᠷ ᠲᠠᠪᠤᠨ ᠲᠣᠯᠣᠭᠠᠢ- ᠭᠠᠰᠢᠭᠤᠨᠰᠤᠬᠠᠶᠢᠲᠤ ᠴᠢᠭᠯᠡᠯ ᠳᠦ ᠨᠡᠭᠦᠷᠡᠰᠦ ᠲᠡᠭᠡᠭᠡᠪᠦᠷᠢᠯᠡᠬᠦ ᠴᠢᠩᠭᠡᠯᠢᠭ ᠲᠡᠢ ᠲᠡᠭᠡᠭᠡᠪᠦᠷᠢ ᠶᠢᠨ ᠬᠡᠷᠡᠭᠰᠡᠯ ᠢ ᠲᠠᠨᠢᠯᠴᠠᠭᠤᠯᠤᠯ᠎ᠠ᠃ ᠮᠣᠩᠭᠣᠯ ᠤᠯᠤᠰ ᠤᠨ ᠵᠠᠰᠠᠭ ᠤᠨ ᠭᠠᠵᠠᠷ ᠤᠨ 2017 ᠣᠨ ᠤ 320 ᠳ᠋ᠤᠭᠠᠷ ᠲᠣᠭᠲᠠᠭᠠᠯ ᠢᠶᠠᠷ ᠥᠭᠭᠦᠭᠳᠡᠭᠰᠡᠨ ᠡᠭᠦᠷᠭᠡ ᠶᠢᠨ ᠳᠠᠭᠠᠤ ᠨᠡᠭᠦᠷᠡᠰᠦ ᠲᠡᠭᠡᠭᠡᠪᠦᠷᠢᠯᠡᠯᠲᠡ ᠶᠢ ᠲᠠᠪᠤᠨᠲᠣᠯᠣᠭᠠᠢ ᠶᠢᠨ ᠠᠭᠤᠷᠬᠠᠢ ᠠᠴᠠ ᠴᠠᠭᠠᠨ ᠬᠠᠳᠠᠨ ᠤ ᠭᠠᠶᠢᠯᠢ ᠶᠢᠨ ᠬᠢᠨᠠᠯᠲᠠ ᠶᠢᠨ ᠪᠥᠰᠡ ᠬᠦᠷᠲᠡᠯ᠎ᠡ᠂ ᠡᠨᠡ ᠴᠡᠭ ᠡᠴᠡ  ᠭᠠᠰᠢᠭᠤᠨᠰᠤᠬᠠᠶᠢᠲᠤ – ᠭᠠᠭᠴᠠ ᠮᠣᠳᠣ ᠪᠣᠭᠣᠮᠲᠠ ᠭᠡᠰᠡᠨ ᠴᠢᠭᠯᠡᠯ ᠢᠶᠡᠷ ᠵᠣᠬᠢᠶᠠᠨ ᠪᠠᠶᠢᠭᠤᠯᠵᠤ ᠪᠠᠶᠢᠭ᠎ᠠ ᠪᠢᠯᠡ᠃ ᠨᠡᠭᠦᠷᠡᠰᠦ ᠶᠢ ᠴᠠᠭᠠᠨ ᠬᠠᠳᠠ ᠭᠠᠶᠢᠯᠢ ᠶᠢᠨ ᠬᠢᠨᠠᠯᠲᠠ ᠶᠢᠨ ᠪᠥᠰᠡ ᠳᠦ ᠠᠴᠢᠵᠤ᠂ ᠪᠠᠭᠤᠯᠭᠠᠬᠤ ᠶᠠᠪᠤᠴᠠ ᠳᠤ 70-80 ᠲᠣᠨ ᠲᠤᠲᠤᠮ ᠳᠤ 80-85 ᠺᠢᠯᠦᠭᠷᠡᠮ ᠨᠡᠭᠦᠷᠡᠰᠦ ᠬᠣᠷᠣᠭᠳᠠᠳᠠᠭ᠃ ᠬᠠᠷᠢᠨ ᠴᠢᠩᠭᠡᠯᠢᠭ ᠲᠠᠢ ᠲᠡᠭᠡᠭᠡᠪᠦᠷᠢ ᠶᠢ ᠡᠬᠢᠯᠡᠭᠦᠯᠦᠭᠰᠡᠨ ᠢᠶᠡᠷ ᠨᠡᠭᠦᠷᠡᠰᠦᠨ ᠦ ᠠᠴᠢᠯᠲᠠ᠂ ᠪᠠᠭᠤᠯᠭᠠᠯᠲᠠ ᠠᠴᠠ ᠰᠢᠯᠲᠠᠭᠠᠯᠠᠨ ᠪᠠᠶᠢᠭᠠᠯᠢ ᠤᠷᠴᠢᠨ ᠳᠤ ᠦᠵᠡᠭᠦᠯᠵᠦ ᠪᠤᠢ ᠰᠥᠷᠭᠦ ᠨᠥᠯᠥᠭᠡᠯᠡᠯ ᠪᠠᠭᠤᠷᠠᠵᠤ᠂ ᠨᠡᠭᠦᠷᠡᠰᠦᠨ ᠦ ᠵᠢᠩ ᠦᠨ ᠬᠣᠷᠣᠭᠳᠠᠯ ᠪᠣᠯᠤᠨ ᠴᠢᠨᠠᠷ ᠤᠨ ᠠᠯᠳᠠᠭᠳᠠᠯ ᠪᠠᠭᠠᠰᠴᠦ᠂ ᠬᠢᠯᠢ ᠨᠡᠪᠲᠡᠷᠡᠬᠦ ᠬᠤᠷᠳᠤ ᠨᠡᠮᠡᠭᠳᠡᠬᠦ ᠵᠡᠷᠭᠡ ᠣᠯᠠᠨ ᠳᠠᠪᠠᠭᠤ ᠲᠠᠯ᠎ᠠ ᠲᠠᠢ ᠪᠠᠶᠢᠨ᠎ᠠ᠃
ᠴᠢᠩᠭᠡᠯᠢᠭ ᠲᠤᠰ ᠪᠦᠷᠢ ᠨᠢ 32.5 ᠲᠣᠨ ‍ᠣ ᠪᠠᠭᠲᠠᠭᠠᠮᠵᠢ ᠲᠠᠢ᠂ ᠠᠦ᠋ᠲ᠋ᠣ᠋ ᠮᠠᠰᠢᠨ  ᠤ ᠨᠡᠶᠢᠲᠡ ᠤᠷᠲᠤ 36.5 ᠮᠧᠲ᠋ᠷ ᠪᠥᠭᠡᠳ ᠴᠢᠷᠭᠡᠦᠯ ᠦᠨ ᠪᠠᠭᠲᠠᠭᠠᠮᠵᠢ ᠲᠠᠢ ᠨᠡᠶᠢᠯᠡᠭᠡᠳ ᠨᠢᠭᠡ ᠤᠳᠠᠭ᠎ᠠ ᠳᠤ 130 ᠲᠣᠨ ᠠᠴᠢᠶ᠎ᠠ ᠶᠢ ᠲᠡᠭᠡᠭᠡᠪᠦᠷᠢᠯᠡᠬᠦ ᠬᠦᠴᠦᠨ ᠴᠢᠳᠠᠯ ᠲᠠᠢ᠃ ᠡᠶᠢᠨ ᠬᠦ ᠨᠤᠷᠮᠠᠭ ᠠᠴᠢᠶ᠎ᠠ ᠶᠢ ᠠᠯᠢ ᠨᠢᠭᠡ ᠴᠡᠭ ᠲᠦ ᠪᠠᠭᠤᠯᠭᠠᠬᠤ ᠦᠭᠡᠢ ᠪᠡᠷ ᠴᠢᠩᠭᠡᠯᠢᠭ ᠲᠡᠢ ᠨᠢ ᠥᠭᠡᠷ᠎ᠡ ᠲᠡᠭᠡᠭᠡᠪᠦᠷᠢ ᠶᠢᠨ ᠬᠡᠷᠡᠭᠰᠡᠯ ᠳᠦ ᠰᠢᠯᠵᠢᠭᠦᠯᠦᠨ ᠠᠴᠢᠵᠤ ᠬᠢᠯᠢ ᠶᠢᠨ ᠪᠣᠭᠣᠮᠲᠠ ᠬᠦᠷᠭᠡᠬᠦ᠂ ᠤᠯᠠᠮ ᠢᠶᠠᠷ ᠬᠥᠷᠰᠢ ᠣᠷᠣᠨ ᠨᠤᠭᠤᠳ ᠤᠨ ᠳᠠᠯᠠᠢ ᠶᠢᠨ ᠪᠣᠭᠣᠮᠲᠠ ᠨᠤᠭᠤᠳ ᠲᠤ ᠬᠦᠷᠭᠡᠬᠦ ᠵᠣᠷᠢᠯᠲᠠ ᠲᠠᠯᠪᠢᠨ ᠠᠵᠢᠯᠯᠠᠵᠤ ᠪᠠᠶᠢᠭ᠎ᠠ ᠪᠥᠭᠡᠳ ᠡᠨᠡᠬᠦ ᠠᠷᠭ᠎ᠠ ᠬᠡᠮᠵᠢᠶ᠎ᠡ ᠶᠢ ᠠᠪᠴᠤ ᠬᠡᠷᠡᠭᠵᠢᠭᠦᠯᠬᠦ ᠳᠦ ᠴᠢᠩᠭᠡᠯᠢᠭ ᠰᠢᠯᠵᠢᠭᠦᠯᠦᠨ ᠠᠴᠢᠬ᠎ᠠ ᠲᠧᠷᠮᠢᠨᠠᠯ᠂ ᠵᠣᠷᠢᠭᠤᠯᠤᠯᠲᠠ ᠶᠢᠨ ᠯᠤᠭᠢᠰᠲ᠋ᠢᠺ ᠤᠨ ᠲᠥᠪ᠂ ᠭᠠᠶᠢᠯᠢ ᠶᠢᠨ ᠲᠤᠰᠬᠠᠢ ᠭᠠᠷᠴᠠ᠂ ᠡᠷᠬᠡ ᠵᠦᠢ ᠶᠢᠨ ᠲᠠᠭᠠᠲᠠᠢ ᠣᠷᠴᠢᠨ ᠢ ᠪᠦᠷᠢᠳᠦᠭᠦᠯᠬᠦ ᠱᠠᠭᠠᠷᠳᠠᠯᠭ᠎ᠠ ᠲᠤᠯᠭᠠᠷᠠᠵᠤ ᠪᠠᠶᠢᠭ᠎ᠠ  ᠶᠤᠮ ᠃

ᠰᠡᠳᠬᠢᠭᠳᠡᠯ ᠦᠯᠡᠳᠡᠭᠡᠬᠦ